☆ ᠨᠠᠮᠵᠢᠯ ᠤᠨ ᠮᠥᠩᠭᠡᠪᠠᠶᠡᠷ
ᠶᠠᠭᠠᠷᠠᠭᠰᠠᠨ ᠰᠠᠤᠠᠭᠢᠯ
ᠠᠷᠢᠭᠤᠨ ᠬᠤᠷ᠎ᠠ ᠬᠤᠷᠮᠤᠰᠳᠠ ᠶᠢᠨ ᠳᠠᠩᠨᠠᠢ ᠡᠴᠡ ᠵᠦᠰᠠᠷᠠᠨ ᠪᠠᠭᠤᠬᠤ ᠳ᠋ᠤ
ᠠᠷᠤ ᠡᠩᠭᠡᠷ ᠤᠨ ᠮᠣᠢ᠌ᠯ ᠤᠨ ᠮᠤᠳᠤ ᠴᠡᠴᠡᠭᠯᠡᠭ᠍ᠰᠡᠨ ᠪᠠᠢ᠌ᠯᠭᠦᠢ
ᠠᠮᠠᠷᠠᠭ ᠭᠤᠶᠤᠬᠠᠨ ᠠᠢ᠌ᠯ ᠤᠨ ᠳᠦᠪᠰᠢᠮᠠ ᠪᠠᠨ ᠪᠣᠳᠤᠨ ᠳᠤᠷᠠᠰᠬᠤ ᠳᠤ
ᠠᠷᠭ᠎ᠠ ᠦᠭᠡᠶ ᠳᠡᠭᠦᠨ ᠤ ᠵᠡᠭᠦᠨ ᠴᠢᠭᠢ ᠨᠢ ᠬᠠᠩᠭᠢᠨᠠᠭᠰᠠᠨ ᠪᠠᠢ᠌ᠯᠭᠦᠢ︕
ᠴᠢᠨᠤᠨ ᠴᠢᠭᠢ ᠲᠡᠶ ᠵᠢᠷᠤᠭ᠎ᠠ ᠰᠢᠷᠭ᠎ᠠ ᠪᠠᠨ ᠪᠦᠮᠪᠦᠯᠵᠡᠭᠦᠯᠭᠦ ᠳᠤ
ᠴᠡᠴᠡᠭ᠌ ᠮᠢᠷᠠᠯᠵᠠᠭᠰᠠᠨ ᠨᠤᠭᠤᠭᠠᠨ ᠳᠠᠪᠠᠯᠭᠠᠨ ᠰᠤᠨᠤᠯᠵᠠᠩᠬᠠᠨ ᠪᠠᠢ᠌ᠨ᠎ᠠ
ᠴᠢᠮ᠎ᠠ ᠳᠤ ᠪᠠᠨ ᠭᠦᠷᠭᠦ ᠰᠠᠤᠠᠭᠢᠯ ᠤᠨ ᠴᠤᠤᠷᠢᠶ᠎ᠠ ᠳᠠᠭᠤᠷᠢᠰᠤᠭᠤᠯᠬᠤ ᠳᠤ
ᠴᠠᠭᠠᠨ ᠴᠠᠮᠴᠠ ᠲᠡᠶ ᠳᠤᠭᠤᠯ ᠤᠨ ᠵᠠᠯ᠎ᠠ ᠳᠤ ᠪᠠᠨ ᠭᠦᠯᠢᠶᠡᠩᠭᠡᠨ ᠪᠠᠢ᠌ᠯᠭᠦᠢ︕
ᠮᠤᠩᠭ᠋ᠤᠯ ᠨᠤᠳᠤᠭ ᠤᠨ ᠠᠭᠤᠳᠠᠮ ᠳᠠᠯ᠎ᠠ ᠶᠢᠨ ᠵᠤᠨ ᠤ ᠰᠠᠯᠭᠢᠨ ᠳᠤ ᠢᠯᠪᠢᠭᠦᠯᠵᠤ
ᠮᠥᠷᠦᠭᠡᠳᠴᠤ ᠣᠳᠠᠭᠰᠠᠨ ᠰᠠᠤᠠᠭᠢᠯ ᠤᠨ ᠭᠠᠭᠴᠠ ᠠᠮᠠᠷᠠᠭ ᠶᠢᠡᠨ ᠰᠠᠨᠠᠵᠤ ᠳᠠᠮᠠᠤᠯᠠᠨ᠎ᠠ
ᠮᠥᠩᠭᠡ ᠳᠡᠭ᠍ᠷᠢ᠂ ᠮᠤᠩᠭ᠋ᠤᠯ ᠣᠷᠤᠨ ᠤ ᠡᠩᠭᠡ ᠳᠠᠢ᠌ᠪᠣᠩ ᠢ ᠳᠠᠭᠤᠯᠠᠵᠤ
ᠮᠥᠦᠡᠭᠡᠨ ᠠᠭᠤᠯᠵᠠᠬᠤ ᠰᠠᠤᠠᠭᠢᠯ ᠤᠨ ᠭᠦᠭ᠍ᠰᠡᠯ ᠵᠢᠯᠤᠭᠤ ᠰᠤᠯᠠᠯᠠᠨ ᠳᠠᠪᠭᠢᠭᠤᠯᠤᠨᠠ︕
ᠠᠷᠭᠠᠯ ᠤᠨ ᠣᠳᠤᠭᠠᠨ ᠤ ᠰᠤᠭᠤᠨᠠᠭᠯᠠᠯ ᠠᠯᠤᠰ ᠡᠴᠡ ᠬᠠᠷᠠᠭᠠᠨ ᠳᠤ ᠣᠷᠤᠬᠤ ᠳᠤ
ᠠᠭᠳᠠ ᠪᠠᠨ ᠳᠡᠪᠭᠡᠷᠴᠤ ᠬᠤᠷᠳᠤᠯᠠᠭᠰᠠᠨ ᠴᠤ ᠣᠢ᠌ᠷᠠᠳᠤᠵᠤ ᠦᠭᠭᠦ ᠦᠭᠡᠶ ᠨᠢ ᠶᠠᠭᠠᠭᠢᠯᠳᠠᠢ
ᠠᠮᠠᠷᠠᠭ ᠤᠨ ᠳᠤᠯᠠᠭᠠᠨ ᠢᠨᠢᠶᠠᠳᠤ ᠨᠢᠳᠤᠨ ᠳᠤ ᠳᠤᠳᠤᠷᠠᠨ ᠬᠠᠷᠠᠭᠳᠠᠬᠤ ᠳᠤ
ᠠᠯᠢᠶᠠᠯᠠᠵᠤ ᠪᠠᠢ᠌ᠭ᠎ᠠ ᠰᠢᠭ ᠡᠨᠡ ᠵᠠᠮ ᠣᠷᠳᠤᠰᠴᠤ ᠰᠠᠨᠠᠭᠳᠠᠬᠤ ᠨᠢ ᠶᠠᠭᠠᠭᠢᠯᠳᠠᠢ︕
ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠡᠴᠡ ᠰᠢᠯᠢᠪᠠ
ᠬᠠᠷᠢᠶ᠎ᠠ᠄
ᠰᠢᠯᠦᠭᠳᠠᠷᠤᠮ᠄ 4404
ᠴᠠᠭ᠄ 2007 ᠤᠨ ᠤ 04 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ