ᠨᠡᠪᠲᠡᠷᠡᠨ ᠤᠷᠤᠬᠤ
ᠪᠣᠷᠤᠭᠠᠠᠳᠤ ᠦᠳᠡᠰᠢ

ᠬᠤᠩᠭ᠋ᠤᠷ ᠴᠢᠨᠤᠭᠢ ᠪᠠᠨ ᠬᠣᠢ᠌ᠨ᠎ᠠ ᠪᠢ

ᠣᠶᠠᠭᠠᠨ ᠤ ᠮᠤᠳᠤ ᠮᠠᠳᠤ ᠬᠤᠴᠤᠷᠬᠤ ᠳᠤ

ᠬᠤᠯᠠ ᠳᠤᠷᠮᠤᠯᠵᠠᠬᠤ ᠣᠳᠤᠨ ᠡᠴᠡ

ᠣᠶᠠᠩᠭ᠋᠎ᠠ ᠶᠢᠨ ᠪᠣᠷᠤᠭᠠᠨ ᠠᠰᠬᠠᠷᠠᠭᠰᠠᠨ

ᠬᠤᠯᠪᠣᠭ᠎ᠠ ᠦᠭᠡᠶ ᠬᠤᠶᠠᠷ ᠠᠭᠤᠯᠠ ᠴᠤ

ᠣᠨᠢᠶᠠᠷ ᠶᠢᠡᠷ ᠶᠢᠡᠨ ᠠᠭᠤᠯᠵᠠᠳᠠᠭ ᠣᠷᠴᠢᠯᠠᠩ ᠳᠤ

ᠬᠤᠤᠰᠯᠠᠨ ᠵᠢᠷᠭᠠᠬᠤ ᠶᠢᠨ ᠳᠠᠪᠢᠯᠠᠩ ᠳᠤᠳᠠᠭᠰᠠᠨ ᠢ

ᠬᠠᠪᠢᠷᠭᠠᠨ ᠰᠠᠷᠠ ᠨᠢ ᠥᠭᠦᠯᠡᠭ᠍ᠰᠡᠨ ᠡ

ᠨᠣᠢ᠌ᠳᠠᠨ᠂ ᠮᠥᠩᠭᠦᠨ ᠭᠡᠭᠡ ᠳᠤ

ᠬᠤᠷᠮᠤᠢ ᠳᠠᠪᠳᠤᠯ᠎ᠠ

ᠨᠠᠠᠳᠢᠨ᠂ ᠥᠨᠡᠡᠴᠢᠭᠡᠨ

ᠰᠡᠳᠭᠢᠯ ᠮᠢᠨᠢ ᠰᠠᠪᠳᠤᠯ᠎ᠠ

ᠪᠣᠷᠤᠭᠠᠠᠳᠤ ᠦᠳᠡᠰᠢ ᠨᠠᠳᠠᠳᠤ

ᠰᠢᠭᠦᠷ ᠭᠡᠷᠡᠭ᠌ ᠦᠭᠡᠶ᠂ ᠭᠡᠷᠡᠯ ᠴᠤ ᠭᠡᠷᠡᠭ᠌ ᠦᠭᠡᠶ

ᠪᠣᠴᠠᠬᠤ ᠵᠠᠮ ᠶᠢᠡᠨ ᠪᠢ

ᠳᠤᠪ ᠳᠤᠭᠣᠢ᠌ᠬᠠᠨ ᠡᠯᠭᠦᠯ᠎ᠡ᠁

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ