☆ ᠪᠠ᠊·ᠷᠢᠠᠴᠢᠨ
ᠵᠠᠯᠠᠭᠤ ᠨᠠᠰᠤ
ᠵᠠᠯᠠᠭᠤ ᠨᠠᠰᠤ
ᠠᠭᠠᠭ ᠲᠡᠶ ᠨᠠᠰᠤ
ᠵᠠᠮ ᠤᠨ ᠭᠦᠵᠦᠭᠦᠤ
ᠣᠷᠳᠤ ᠨᠠᠰᠤ
ᠵᠠᠭᠠᠮ᠎ᠠ ᠵᠠᠭᠠᠮ᠎ᠠ ᠪᠠᠨ ᠠᠪᠣᠯᠴᠠᠬᠤ
ᠪᠣᠯᠭᠤᠮᠵᠢ ᠦᠭᠡᠶ ᠨᠠᠰᠤ
ᠵᠠᠩᠭᠢᠶ᠎ᠠ ᠭᠡᠢ᠌ᠮᠦᠷᠢ
ᠪᠣᠴᠠᠯᠤᠭᠰᠠᠨ ᠨᠠᠰᠤ
ᠠᠪᠣ ᠶᠢᠨ ᠭᠦᠤ
ᠡᠡᠯᠦᠰ ᠢ ᠡᠪᠦᠷᠯᠡᠭ᠍ᠰᠡᠨ ᠨᠠᠰᠤ
ᠠᠮᠠᠨ ᠭᠦᠵᠦᠭᠦᠤ ᠵᠢ
ᠲ᠋ᠠᠰ ᠮᠤᠰᠭᠢᠭᠰᠠᠨ ᠨᠠᠰᠤ
ᠠᠭᠰᠤᠮᠠ ᠳᠤᠭᠰᠢᠨ ᠢ
ᠠᠰ ᠳᠤᠯᠤᠭᠰᠠᠨ ᠨᠠᠰᠤ
ᠠᠪᠣᠷᠭᠤ ᠭᠦᠴᠤᠨ ᠢ
ᠠᠭᠳᠠᠢ᠌ᠯᠠᠭᠰᠠᠨ ᠨᠠᠰᠤ
ᠵᠢᠷᠤᠮ ᠤᠨ ᠵᠤᠯᠠ ᠵᠢ
ᠠᠰᠠᠭᠠᠭᠰᠠᠨ ᠨᠠᠰᠤ
ᠵᠤᠳ ᠤᠨ ᠯᠦᠳ ᠢ
ᠰᠦᠷᠦᠭ᠍ᠰᠡᠨ ᠨᠠᠰᠤ
ᠰᠤᠶᠤᠯ ᠤᠨ ᠭᠠᠯ ᠢ
ᠭᠦᠭ᠍ᠵᠢᠭᠡᠭ᠍ᠰᠡᠨ ᠨᠠᠰᠤ
ᠰᠤᠷᠳᠠᠯ ᠤᠨ ᠴᠤᠭ ᠢ
ᠨᠤᠷᠮᠠᠰᠢᠭᠤᠯᠤᠭᠰᠠᠨ ᠨᠠᠰᠤ
ᠵᠠᠮ ᠤᠨ ᠭᠦᠵᠦᠭᠦᠤ
ᠤᠷᠳᠤ ᠨᠠᠰᠤ
ᠵᠠᠯᠠᠭᠤ ᠨᠠᠰᠤ
ᠠᠭᠠᠭ ᠲᠡᠶ ᠨᠠᠰᠤ᠃
ᠵᠤᠬᠢᠶᠠᠭᠴᠢ ᠶᠢᠨ ᠬᠠᠶᠢᠭ ᠄ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠪᠠ᠊·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2748
ᠴᠠᠭ᠄ 2010 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ