☆ ᠳ·ᠪᠦᠷᠢᠠᠴᠤᠭᠳᠤ
ᠳᠤᠷᠠᠰᠬᠠᠯ ᠤᠨ ᠮᠠᠯᠠᠭᠠᠢ
ᠪᠠᠵᠢᠭᠤᠨ ᠴᠢᠭᠢᠨ ᠳᠤ ᠬᠠᠯᠬᠠᠪᠴᠢ ᠪᠣᠯᠵᠤ
ᠪᠠᠭᠠᠮᠠ ᠳᠤᠯᠤᠭᠠᠢ ᠳᠤ ᠥᠯᠦᠭᠡᠢ ᠪᠣᠯᠤᠭᠰᠠᠨ
ᠬᠠᠮᠠᠷ ᠠᠮᠠᠨ ᠡᠴᠠ ᠡᠭᠢᠯᠡᠭᠡᠳ
ᠬᠠᠴᠠᠷ ᠭᠦᠷᠳᠡᠯ᠎ᠡ ᠳᠤᠭᠳᠤᠭᠤᠯᠳᠠᠭ ᠶᠤᠮ
ᠭᠦᠢᠳᠡᠨ ᠡᠪᠦᠯ ᠤᠨ ᠳᠠᠰᠭᠢᠮ᠎ᠠ ᠰᠠᠯᠭᠢᠨ ᠳ᠋ᠤ
ᠨᠦᠮᠦᠷᠢ ᠪᠣᠯᠳᠠᠭ ᠰᠠᠢ᠌ᠬᠠᠨ ᠮᠠᠯᠠᠭᠠᠢ
ᠭᠦᠵᠦᠭᠦᠨ ᠤ ᠭᠡᠳᠦᠢ ᠰᠠᠬᠠᠯ ᠢ ᠭᠦᠷᠳᠡᠯ᠎ᠡ
ᠬᠠᠮᠠᠭᠠᠯᠠᠵᠤ ᠶᠠᠪᠣᠳᠠᠭ ᠨᠤᠤᠰᠤ ᠲᠡᠶ ᠮᠠᠯᠠᠭᠠᠢ
ᠪᠦᠰ ᠪᠣᠯᠪᠠᠴᠤ ᠦᠨ᠎ᠡ ᠳᠠᠢ
ᠦᠨᠡᠳᠠᠢ ᠭᠡᠭᠦ ᠳᠤ ᠠᠯᠳᠠ ᠪᠠᠷ ᠴᠤ
ᠠᠪᠴᠢᠷᠠᠵᠤ ᠳᠡᠢ᠌ᠯᠭᠦ ᠥᠭᠡᠢ
ᠪᠣᠯᠪᠠᠰᠤᠨ ᠰᠡᠳᠭᠢᠯ ᠤᠨ ᠬᠠᠢ᠌ᠷ᠎ᠠ ᠶᠤᠮ
ᠭᠦᠮᠤᠨ ᠦᠵᠡᠪᠠᠴᠤ ᠭᠡᠪᠳᠡᠢ ᠮᠠᠯᠠᠭᠠᠢ
᠊ᠭ᠍ᠬᠢᠷ ᠲᠤ ᠳᠠᠷᠤᠭᠳᠠᠪᠠᠴᠤ ᠮᠠᠷᠮᠠᠬᠠᠨ ᠮᠠᠯᠠᠭᠠᠢ
ᠭᠡᠦᠭᠡᠨ ᠴᠢᠨᠤ ᠢᠳᠡᠭᠡᠯ ᠤᠨ
ᠭᠡᠯᠡ ᠦᠭᠡᠶ ᠠᠷᠢᠭᠤᠨ ᠭᠡᠷᠡᠴᠢ ᠶᠤᠮ
ᠬᠠᠷ᠎ᠠ ᠭᠠᠭᠴᠠᠭᠠᠷ ᠪᠠᠢ᠌ᠬᠤ ᠦᠶ᠎ᠡ ᠳ᠋ᠤ
ᠬᠠᠵᠠᠭᠤ ᠳᠤ ᠪᠠᠨ ᠠᠪᠴᠤ ᠳᠠᠯᠪᠢᠪᠠᠯ
ᠬᠤᠶᠠᠭᠤᠯᠠ ᠪᠠᠨ ᠰᠢᠭ ᠰᠠᠢ᠌ᠬᠠᠨ ᠪᠣᠳᠤᠭᠳᠠᠵᠤ
ᠬᠠᠷᠠᠵᠤ ᠠᠪᠣᠭᠠᠤᠨ ᠦᠵᠡᠪᠠᠯ ᠳᠤᠳᠤᠨᠤ ᠰᠠᠨᠠᠭᠳᠠᠳᠠᠭ
ᠬᠠᠨᠢ ᠮᠢᠨᠢ ᠴᠢ ᠨᠠᠳᠠ ᠳᠠᠭᠠᠨ
ᠬᠠᠢ᠌ᠷᠠᠳᠠᠢ ᠭᠡᠳᠡᠭ᠌ ᠥᠭᠡ ᠪᠠᠨ ᠭᠡᠯᠡᠭᠦ ᠦᠭᠡᠶ ᠴᠤ
ᠬᠠᠷ᠎ᠠ ᠭᠦᠤ ᠪᠢ ᠴᠢᠨᠢ ᠮᠠᠳᠠᠷᠠᠵᠤ ᠪᠠᠢ᠌ᠨ᠎ᠠ
ᠬᠠᠢ᠌ᠷ᠎ᠠ ᠰᠡᠳᠭᠢᠯ ᠳᠡᠭᠡᠨ ᠦᠨᠡᠠᠴᠢ ᠶᠠᠪᠣᠶ᠎ᠠ︕
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠳᠤᠯᠠᠭᠠᠨ ᠰᠢᠶᠠᠨ ᠤ ᠨᠤᠮᠤᠬᠠᠨ ᠳᠤᠰᠬᠤᠨ
ᠵᠤᠬᠢᠶᠠᠭᠴᠢ᠄ ᠳ·ᠪᠦᠷᠢᠠᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ