☆ ᠰᠠᠴᠤᠷᠠᠯ
ᠨᠤᠭᠤᠭᠠᠨ ᠵᠥᠯᠭᠡ
ᠳᠤᠩᠭ᠋ᠠᠯᠠᠭ ᠴᠡᠯᠮᠡᠭ᠍ᠭᠡᠨ ᠦᠷᠯᠦᠭᠡ ᠶᠢᠨ ᠠᠭᠤᠷ ᠠᠮᠢᠰᠬᠤᠯ ᠢ ᠠᠮᠢᠰᠬᠤᠬᠤ ᠭᠡᠭ᠍ᠴᠢ ᠳᠤᠩᠭ᠋ᠠᠭᠰᠠᠨ ᠰᠥ᠋ ᠣᠭᠤᠴᠢᠵᠤ ᠪᠠᠢ᠌ᠬᠤ ᠭᠡᠮᠡᠷ ᠳᠠᠪᠠᠳᠠᠢ ᠰᠠᠢ᠌ᠬᠠᠨ᠃ ᠭᠦᠨ ᠰᠢᠭ᠌ ᠠᠮᠢᠰᠬᠤᠬᠤ ᠪᠠᠷ ᠣᠮᠳᠠ ᠳᠠᠢ᠌ᠯᠬᠤ ᠷᠠᠰᠢᠶᠠᠨ ᠭᠡᠮᠡᠷ ᠠᠭᠤᠰᠭᠢ ᠵᠢᠷᠦᠭᠡᠨ ᠡᠴᠡ ᠭᠦᠪᠭᠢᠨ ᠰᠠᠨᠠᠭ᠎ᠠ ᠰᠡᠳᠭᠢᠯ ᠰᠠᠷᠠᠭᠤᠯᠵᠢᠨ ᠰᠤᠤ ᠵᠠᠯᠢ ᠦᠷᠪᠢᠰᠤᠨᠠ᠃
ᠵᠠᠬ᠎ᠠ ᠡᠴᠡ ᠪᠠᠨ ᠵᠠᠯᠭᠠᠯᠳᠤᠭᠰᠠᠨ ᠡᠭᠦᠯᠡᠨ ᠳᠠᠯ ᠲᠡᠶ ᠵᠥᠯᠭᠡ ᠨᠤᠭᠤᠭᠠᠤᠨ᠂ ᠨᠠᠪᠴᠢᠨ ᠠᠯᠠᠭᠠᠨ ᠳᠤ ᠪᠠᠨ ᠰᠢᠭᠦᠳᠡᠷᠢ ᠶᠢᠨ ᠮᠥᠭᠦᠯᠢᠭ᠌ ᠪᠦᠮᠪᠦᠷᠢᠭᠦᠯᠵᠤ ᠨᠠᠷᠠᠨ ᠤ ᠰᠠᠴᠤᠷᠠᠭ ᠲᠤ ᠭᠢᠯᠳᠤᠭᠠᠨᠠᠬᠤ ᠨᠢ ᠨᠠᠩᠳᠠ ᠰᠡᠷᠭᠦᠯᠡᠩ ᠴᠤᠭᠳᠠᠢ᠃ ᠪᠢ ᠦᠷᠯᠦᠭᠡ ᠶᠢᠨ ᠴᠡᠩᠭᠡᠷ ᠳᠡᠭ᠍ᠷᠢ ᠶᠢᠨ ᠳᠤᠤᠷ᠎ᠠ᠂ ᠴᠡᠩᠭᠡᠭ᠌ ᠠᠭᠠᠷ ᠤᠨ ᠳᠤᠮᠳᠠ ᠵᠤᠭᠰᠤᠭᠠᠤᠨ ᠡᠨᠡᠭᠦ ᠭᠡᠰᠡᠭ᠌ ᠨᠤᠭᠤᠭᠠᠨ ᠵᠥᠯᠭᠡ ᠪᠠᠨ ᠡᠭᠡᠨᠡᠭ᠍ᠳᠡ ᠬᠠᠷᠠᠬᠤ ᠳᠤᠷᠠᠳᠠᠢ᠃ ᠡᠭᠡ ᠣᠷᠤᠨ ᠤ ᠮᠢᠨᠢ ᠡᠯᠢᠭᠡᠨ ᠳᠠᠯ᠎ᠠ ᠳᠤ ᠣᠷᠭᠤᠵᠤ ᠪᠠᠢ᠌ᠭ᠎ᠠ ᠡᠨᠡᠭᠦ ᠭᠡᠰᠡᠭ᠌ ᠡᠩᠭᠦᠷᠡᠢ ᠨᠤᠭᠤᠭᠠᠨ ᠵᠥᠯᠭᠡ ᠪᠠᠨ ᠬᠠᠷᠠᠵᠤ ᠵᠤᠭᠰᠤᠬᠤ ᠳᠤ ᠶᠠᠭ ᠯᠠ ᠢᠷᠡᠭᠡᠳᠦᠢ ᠶᠢᠨ ᠰᠤᠪᠢᠩ ᠰᠢᠭ ᠰᠡᠳᠭᠢᠯ ᠤᠨ ᠦᠵᠦᠭᠦᠷ ᠰᠡᠷᠪᠠᠭᠡᠨᠡᠵᠤ᠂ ᠡᠰᠡᠭᠦᠯ᠎ᠡ ᠵᠣᠢ᠌ᠴᠢᠯᠠᠨ ᠳᠦᠰᠦᠪᠯᠡᠭᠦ ᠶᠢᠨ ᠠᠷᠭ᠎ᠠ ᠦᠭᠡᠶ ᠶᠢᠷᠳᠢᠠᠴᠤ ᠰᠠᠨᠠᠭᠠᠨ ᠤ ᠭᠢᠵᠠᠭᠠᠷ ᠲᠤ ᠰᠤᠯᠤᠩᠭ᠋ᠠᠷᠠᠬᠤ ᠮᠠᠳᠤ ᠪᠢᠯᠠ᠃
ᠵᠤᠨ ᠵᠤᠨ ᠤ ᠠᠯᠠᠭᠠᠨ ᠳᠤ ᠵᠤᠯᠳᠠᠢ᠌ᠬᠠᠨ ᠣᠷᠭᠤᠬᠤ ᠶᠢᠨ ᠳᠦᠭᠡᠷᠭᠡ ᠲᠡᠶ ᠡᠨᠡᠭᠦ ᠭᠡᠰᠡᠭ᠌ ᠨᠤᠭᠤᠭᠠᠨ ᠵᠥᠯᠭᠡ᠂ ᠨᠤᠳᠤᠭ ᠣᠰᠤᠨ ᠤ ᠮᠢᠨᠢ ᠰᠤᠳᠤᠨ ᠦᠵᠡᠰᠭᠦᠯᠡᠩ ᠪᠣᠯᠵᠤ ᠡᠩᠭᠦᠷᠡᠢ᠌ᠯᠡᠭ᠍ᠳᠡᠭᠦ ᠨᠢ ᠲᠦᠮᠡᠨ ᠵᠦᠪ ᠡ᠃ ᠳᠠᠷᠠ ᠨᠢ ᠭᠡᠵᠢᠶᠡᠳᠡ ᠮᠥᠭᠦᠰᠢ ᠦᠭᠡᠶ ᠠᠮᠢᠵᠢᠷᠠᠯ ᠤᠨ ᠭᠦᠴᠤᠨ ᠲᠡᠶ᠂ ᠠᠮᠢᠯᠠᠯ ᠤᠨ ᠭᠢᠯᠪᠠᠭ᠎ᠠ ᠲᠡᠶ᠃ ᠨᠤᠭᠤᠭᠠᠨ ᠵᠥᠯᠭᠡ ᠲᠡᠶ ᠭᠠᠵᠠᠷ ᠡᠯᠡᠰᠤ ᠳᠤᠭᠤᠰᠤ ᠪᠣᠳᠠᠷᠬᠤ ᠦᠭᠡᠶ ᠴᠠᠪᠠᠷ ᠴᠡᠯᠮᠡᠭ᠌ ᠪᠠᠢ᠌ᠳᠠᠭ ᠨᠤᠭᠤᠭᠠᠨ ᠵᠥᠯᠭᠡ ᠲᠡᠶ ᠭᠠᠵᠠᠷ ᠣᠰᠤ ᠴᠢᠭᠢᠭ᠌ ᠳᠠᠰᠤᠷᠠᠬᠤ ᠦᠭᠡᠶ ᠨᠤᠮᠢᠨ ᠨᠥᠮᠵᠦᠭ᠌ ᠪᠠᠢ᠌ᠳᠠᠭ ᠨᠤᠭᠤᠭᠠᠨ ᠵᠥᠯᠭᠡ ᠲᠡᠶ ᠭᠠᠵᠠᠷ ᠭᠦᠮᠦᠰ ᠤᠨ ᠰᠡᠳᠭᠢᠯ ᠣᠢ᠌ᠤᠠᠬᠤ ᠦᠭᠡᠶ ᠪᠣᠳᠤᠯ ᠬᠠᠩᠬᠤᠯᠤᠬᠠᠨ ᠶᠠᠪᠣᠳᠠᠭ᠃
ᠭᠦᠭᠡᠷᠡᠵᠤ ᠨᠤᠭᠤᠭᠠᠷᠠᠨ᠎ᠠ ᠭᠡᠭ᠍ᠴᠢ ᠭᠦᠭ᠍ᠵᠢᠵᠤ ᠪᠠᠳᠠᠷᠠᠬᠤ ᠶᠢᠨ ᠥᠩᠭᠡ ᠪᠣᠳᠤᠭ᠂ ᠭᠦᠰᠡᠯ ᠢᠷᠡᠭᠡᠳᠦᠢ ᠶᠢᠨ ᠪᠠᠯᠭᠡ ᠳᠠᠮᠪᠠᠷᠠᠯ ᠪᠠᠢ᠌ᠬ᠎ᠠ᠃ ᠰᠦᠨᠢᠵᠢᠨ ᠭᠡᠴᠢᠨᠡᠨ ᠰᠠᠢ᠌ᠬᠠᠨ ᠶᠠᠭᠤᠮ᠎ᠠ ᠪᠣᠳᠤᠵᠤ᠂ ᠵᠡᠭᠦᠳᠦᠯᠡᠵᠤ ᠬᠤᠨᠤᠭᠠᠤᠨ ᠦᠷᠯᠦᠭᠡ ᠪᠦᠷᠢ ᠣᠯᠠᠮ ᠰᠤᠷᠭᠤᠭ ᠨᠤᠭᠤᠭᠠᠬᠠᠨ ᠰᠤᠭᠤᠷᠠᠵᠤ ᠰᠠᠪᠠᠯᠵᠠᠨ ᠠᠶᠠᠷᠬᠠᠨ ᠢᠯᠪᠢᠭᠦ ᠠᠶᠠᠰ ᠤᠨ ᠰᠠᠯᠭᠢᠨ ᠳᠤ ᠰᠢᠭᠦᠳᠡᠷᠢ ᠶᠢᠨ ᠮᠥᠭᠦᠯᠢᠭ᠌ ᠲᠡᠶ ᠪᠠᠨ ᠡᠷᠭᠡᠯᠡᠨ᠎ᠡ ᠳᠡᠭᠡᠭᠦᠷ ᠨᠢ ᠡᠷᠭᠢᠯᠳᠦᠭᠦ ᠠᠯᠠᠭ ᠡᠷᠪᠠᠭᠡᠢ ᠶᠢ ᠴᠤ ᠪᠠᠷᠢᠵᠤ ᠠᠪᠬᠤ ᠭᠡᠵᠤ ᠠᠯᠢᠶᠠᠯᠠᠨᠠ ᠳᠡᠷᠭᠡᠳᠡ ᠨᠢ ᠵᠤᠭᠰᠤᠭ᠎ᠠ ᠨᠠᠮ᠎ᠠ ᠡᠴᠡ ᠣᠰᠤ ᠰᠢᠮ᠎ᠠ ᠣᠰᠤ ᠰᠢᠮ᠎ᠠ ᠭᠡᠵᠤ ᠱᠤᠯᠤᠭᠠᠨᠠᠨ᠎ᠠ᠃ ᠬᠠᠷᠠᠭᠠᠤᠨ ᠪᠠᠢ᠌ᠬᠤᠯᠠᠷ ᠡᠨᠡᠭᠦ ᠭᠡᠰᠡᠭ᠌ ᠨᠤᠯᠤ ᠨᠤᠭᠤᠭᠠᠨ ᠵᠥᠯᠭᠡ ᠮᠢᠨᠢ ᠨᠢᠳᠤ ᠴᠢᠭᠢ ᠪᠠᠷ ᠪᠢᠰᠢ ᠦᠷᠤ ᠵᠢᠷᠦᠭᠡᠨ ᠤ ᠴᠢᠰᠤᠨ ᠰᠤᠳᠠᠯ ᠪᠦᠭᠦᠨ ᠶᠢᠡᠷ ᠳᠠᠮᠵᠢᠨ ᠣᠬᠠᠭᠠᠨ ᠮᠠᠳᠠᠷᠠᠯ ᠳᠤ ᠶᠠᠮᠠᠷ ᠴᠤ ᠥᠩᠭᠡ ᠪᠣᠳᠤᠭ᠂ ᠳᠠᠭᠤ ᠴᠢᠮᠡᠭᠡ ᠲᠡᠶ ᠠᠳᠠᠯᠢᠳᠬᠠᠮᠠ ᠦᠭᠡᠶ ᠬᠠᠴᠢᠨ ᠡᠩᠭᠦᠷᠡᠢ᠌ᠭᠡᠨ᠂ ᠬᠠᠴᠢᠨ ᠭᠤᠶᠤᠬᠠᠨ ᠡ ︕
ᠶᠠᠷᠤ ᠵᠤᠯᠭᠠᠷᠠᠰᠢ ᠦᠭᠡᠶ ᠭᠡᠮᠡᠷᠭᠡᠨ ᠨᠠᠪᠴᠢ ᠪᠦᠭᠦᠨ ᠡᠴᠡ ᠨᠢ ᠨᠠᠷᠠᠨ ᠤ ᠢᠯᠳᠠᠮᠬᠠᠨ ᠭᠡᠷᠡᠯ ᠣᠢ᠌ᠵᠤ ᠨᠠᠳᠠ ᠣᠷᠤᠭᠤ ᠨᠠᠪᠳᠠᠷᠠᠨ ᠵᠠᠶᠠᠭᠠᠨ ᠤ ᠳᠠᠷᠬᠠᠨ ᠡᠷᠡᠮᠡᠯᠵᠡᠯᠡᠯ ᠢ ᠶᠠᠭᠠᠭᠢᠬᠤ ᠶᠢᠨ ᠠᠷᠭ᠎ᠠ ᠦᠭᠡᠶ ᠳᠦᠷᠡᠯᠵᠡᠭᠦᠯᠵᠤ ᠢᠷᠠᠨ᠎ᠠ᠃ ᠢᠭ᠍ᠳᠦᠯᠡᠭᠦ ᠶᠢᠨ ᠡᠷᠭᠡ ᠪᠠᠷ ᠣᠢ ᠣᠬᠠᠭᠠᠨ ᠤ ᠵᠠᠢ ᠳᠤ ᠬᠤᠷ᠎ᠠ ᠶᠢᠨ ᠳᠠᠷᠠᠭᠠᠭᠢ ᠭᠦᠳᠡᠭᠡ ᠬᠠᠩᠭ᠋ᠠᠢ ᠰᠢᠭ ᠶᠢᠡᠨ ᠣᠠᠴᠠ ᠶᠢᠨ ᠰᠡᠷᠮᠡᠭᠦᠨ ᠳᠠᠭᠠᠯᠠᠮᠵᠢᠳᠠᠢ᠃ ᠡᠨᠡᠭᠦ ᠬᠠᠯᠠᠭᠤᠨ ᠳᠤᠳᠤᠨᠤ ᠵᠥᠭᠡᠯᠡᠨ ᠭᠦᠷᠦᠰᠤᠨ ᠳᠤ ᠬᠠᠯᠢᠭᠤᠷᠠᠨ ᠣᠷᠭᠤᠬᠤ ᠵᠥᠯᠭᠡ ᠨᠤᠭᠤᠭ᠎ᠠ ᠨᠠᠳᠠ ᠳᠤ ᠣᠯᠭᠤᠭᠰᠠᠨ ᠨᠢᠭᠡ ᠶᠤᠰᠤᠨ ᠤ ᠵᠤᠯ ᠵᠢᠷᠭᠠᠯ ᠪᠣᠶᠤ ᠭᠣᠢ᠌ᠳᠠ ᠠᠮᠳᠠᠷᠬᠠᠯ ᠪᠠᠢ᠌ᠭᠰᠠᠨ ᠠᠵᠠᠢ ︕ ᠭᠡᠭᠦ ᠳᠤ ᠪᠠᠨ ᠦᠨᠳᠦᠷ ᠮᠠᠩᠬᠠᠨ ᠤ ᠦᠴᠦᠭᠡᠳᠦᠷ ᠤᠨ ᠳᠤᠬᠠᠢ᠂ ᠡᠨᠡ ᠨᠤᠳᠤᠭ ᠤᠨ ᠮᠠᠷᠭᠠᠰᠢ ᠶᠢᠨ ᠳᠤᠬᠠᠢ ᠥᠶᠦᠭ᠌ ᠬᠠᠩᠬᠤᠯᠤᠬᠠᠨ ᠪᠣᠳᠤᠯ ᠤᠳ ᠨᠤᠭᠤᠭᠠᠨ ᠵᠥᠯᠭᠡᠨ ᠤ ᠥᠶᠡᠯᠵᠡᠭᠡᠨ ᠰᠢᠭ᠌ ᠨᠠᠮᠠᠰ ᠨᠠᠮᠠᠰ ᠬᠠᠯᠢᠭᠤᠷᠠᠭᠠᠤᠨ ᠢᠷᠠᠨ᠎ᠠ᠃
ᠪᠢ ᠡᠨᠡᠭᠦ ᠭᠡᠰᠡᠭ᠌ ᠨᠤᠭᠤᠭᠠᠨ ᠵᠥᠯᠭᠡ ᠪᠠᠨ ᠪᠠᠬᠠᠷᠠᠭᠠᠤᠨ ᠬᠠᠨᠤᠬᠤ ᠦᠭᠡᠶ᠃ ᠮᠢᠨᠤ ᠣᠢ ᠪᠣᠳᠤᠯ ᠳᠤ ᠳᠠᠷᠠ ᠨᠢ ᠡᠳᠦᠷ ᠡᠴᠡ ᠡᠳᠦᠷ ᠦᠰᠴᠤ ᠦᠷᠭᠡᠵᠢᠨ ᠠᠯᠢ ᠨᠢᠭᠡᠨ ᠡᠳᠦᠷ ᠳᠡᠯᠡᠭᠡᠢ ᠶᠢ ᠪᠦᠷᠭᠦᠨ᠎ᠡ ᠳ᠋ᠠ ᠭᠡᠵᠤ ᠰᠠᠨᠠᠭᠳᠠᠭᠠᠤᠨ ᠪᠠᠢ᠌ᠨᠠᠮ ᠁
ᠵᠤᠬᠢᠶᠠᠭᠴᠢ ᠶᠢᠨ ᠬᠠᠶᠢᠭ ᠄ ᠳᠦᠡᠭᠯᠢᠶᠦᠤ ᠬᠤᠳᠠ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ ᠱᠸᠪᠠᠷᠳᠤ ᠭᠤᠤᠯ ᠰᠤᠷᠭᠠᠭᠤᠯᠢ
ᠵᠤᠬᠢᠶᠠᠭᠴᠢ᠄ ᠰᠠᠴᠤᠷᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 62191
ᠴᠠᠭ᠄ 2012 ᠤᠨ ᠤ 10 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ