☆ ᠳ᠋·ᠲᠦᠮᠡᠠᠰᠠᠩ
ᠨᠢᠭᠤᠯᠴᠠᠭ᠎ᠠ
ᠪᠠᠭ᠎ᠠ ᠳᠤ ᠪᠠᠨ ᠪᠢᠳᠠ ᠬᠤᠶᠠᠭᠤᠯᠠ
ᠰᠠᠷ᠎ᠠ ᠲᠡᠶ ᠰᠦᠨᠢ ᠪᠠᠷ
ᠪᠠᠢ᠌ᠰᠢᠩ ᠶᠢᠡᠨ ᠳᠤᠭᠤᠷᠢᠨ ᠭᠦᠶᠦᠯᠴᠡᠵᠤ
ᠪᠠᠬ᠎ᠠ ᠪᠠᠨ ᠬᠠᠠᠳᠠᠯ᠎ᠠ ᠨᠢᠭᠤᠯᠴᠠᠵᠤ ᠨᠠᠭᠠᠳᠳᠠᠭ ᠪᠠᠢ᠌ᠯ᠎ᠠ
ᠬᠠᠮᠢᠭ᠎ᠠ ᠨᠢᠭᠤᠭᠳᠠᠭᠰᠠᠨ ᠴᠤ ᠴᠢᠮᠢ᠋ᠢ ᠪᠢ ᠡᠷᠢᠵᠤ ᠣᠯᠳᠠᠭ
ᠬᠠᠶᠠ ᠪᠠᠰᠠ ᠣᠯᠵᠤ ᠶᠠᠳᠠᠬᠤ ᠪᠣᠶᠤ ᠵᠠᠯᠬᠠᠭᠤᠷᠠᠪᠠᠯ
ᠬᠠᠶᠠᠭᠠᠤᠨ ᠶᠠᠪᠣᠨ᠎ᠠ ᠰᠢᠤ ᠭᠡᠵᠤ ᠠᠶᠤᠯᠭᠠᠵᠤ ᠥᠵᠡᠳᠡᠭ᠌
ᠬᠠᠷᠠᠩᠭ᠋ᠤᠢ ᠪᠣᠯᠤᠩ ᠡᠴᠡ ᠳᠠᠭᠠᠭᠤᠯᠡᠷ ᠴᠢ
ᠰᠠᠠᠳᠤᠷᠤᠨ ᠭᠠᠷᠴᠤ ᠢᠷᠡᠳᠡᠭ᠌
ᠴᠢ ᠶᠠᠷᠤᠨᠢ ᠨᠠᠮᠢ᠋ᠢ ᠡᠷᠢᠵᠤ ᠣᠯᠳᠠᠭ ᠦᠭᠡᠶ
ᠴᠢᠮᠡᠭᠡ ᠥᠭᠡᠢ᠌ᠭᠡᠨ ᠬᠣᠢ᠌ᠨ᠎ᠠ ᠡᠴᠡ ᠴᠢᠨᠢ ᠳᠠᠭᠠᠬᠤ ᠳᠤ ᠮᠡᠳᠡᠳᠡᠭ᠌ ᠦᠭᠡᠶ
ᠭᠠᠭᠴᠠᠭᠠᠷ ᠶᠢᠡᠨ ᠡ᠊ᠨᠳᠡ ᠠᠶᠤᠵᠤ ᠪᠠᠢ᠌ᠨ᠎ᠠ ᠡ
ᠭᠠᠷᠤᠭᠠᠤᠨ ᠢᠷᠡᠭᠦ ᠦᠦ ᠭᠡᠵᠤ
ᠭᠠᠴᠢᠭᠳᠠᠳᠠᠯᠠ ᠴᠢᠨᠢ ᠭᠤᠶᠤᠭᠤᠯᠳᠠᠭ
ᠠᠯᠠᠭ᠎ᠠ ᠪᠠᠷ ᠶᠢᠡᠨ ᠨᠢᠯᠪᠣᠰᠤ ᠪᠠᠨ ᠠᠷᠴᠢᠬᠣᠢ᠌ᠴᠠ ᠪᠣᠯᠬᠤ ᠳᠤ
ᠠᠬ᠎ᠠ ᠨᠢ ᠪᠠᠢ᠌ᠮᠤᠢ ᠭᠡᠭ᠍ᠰᠡᠭᠡᠷ ᠴᠢᠨᠤ ᠡᠮᠦᠨ᠎ᠡ ᠢᠯᠡᠷᠡᠳᠡᠭ᠌
ᠨᠠᠢ᠌ᠷᠰᠠᠭ ᠢ ᠪᠣᠳᠤᠵᠤ ᠵᠠᠷᠢᠮ ᠳᠤ ᠪᠠᠨ
ᠵᠤᠷᠢᠭᠤᠳᠠ ᠪᠠᠷᠢᠭᠳᠠᠳᠠᠭ
ᠨᠠᠮᠢ᠋ᠢ ᠣᠯᠤᠭᠰᠠᠨ ᠳᠤ ᠪᠠᠨ ᠴᠢ
ᠶᠡᠭᠡᠯ᠎ᠡ ᠳᠡᠪᠭᠡᠷᠴᠤ ᠪᠠᠶᠠᠰᠳᠠᠭ
ᠨᠢᠭᠡᠨ ᠦᠳᠡᠰᠢ ᠶᠢᠨ ᠨᠢᠭᠤᠯᠴᠠᠭ᠎ᠠ
ᠡᠢ᠌ᠨ ᠭᠦ ᠳᠡᠭᠦᠰᠴᠤ
ᠨᠠᠭᠠᠳᠤᠮ ᠮᠠᠨᠢ ᠮᠠᠷᠭᠠᠰᠢ ᠨᠢ ᠮᠦᠨ
ᠰᠠᠢ᠌ᠬᠠᠨ ᠥᠷᠭᠦᠯᠵᠢᠯᠡᠳᠡᠭ᠌ ᠡ
ᠰᠠᠷ᠎ᠠ ᠳᠡᠷᠭᠡᠯᠯᠡᠵᠤ
ᠨᠠᠷᠠ ᠣᠷᠭᠤᠭᠰᠠᠭᠠᠷ
ᠰᠠᠨᠠᠭ᠎ᠠ ᠳᠠᠯᠠᠵᠤ
ᠨᠠᠰᠤ ᠥᠰᠦᠭ᠍ᠰᠡᠭᠡᠷ
ᠡᠳᠦᠭᠡ ᠪᠣᠯᠬᠤ ᠳᠤ
ᠡᠩᠭᠦᠷᠡᠢ ᠪᠠᠭ᠎ᠠ ᠶᠢᠨ ᠴᠢᠮᠢ᠋ᠢ
ᠡᠳᠦᠷ ᠶᠢᠡᠷ ᠳ᠋ᠸᠩ ᠪᠠᠷᠢᠭᠰᠠᠨ ᠴᠤ
ᠡᠷᠢᠭᠡᠳ ᠣᠯᠬᠤ ᠡᠴᠡ ᠥᠩᠭᠡᠷᠡᠵᠡᠢ
ᠠᠶᠤᠯᠭᠠᠭᠰᠠᠨ ᠴᠤ᠂ ᠠᠷᠭᠠᠳᠠᠭᠰᠠᠨ ᠴᠤ
ᠠᠢ ᠳ᠋ᠠ᠂ ᠴᠢ ᠮᠢᠨᠢ ᠪᠠᠷ᠎ᠠ ᠴᠤ ᠦᠭᠡᠶ
ᠠᠢ᠌ᠯ ᠣᠰᠤᠨ ᠳᠤ ᠪᠠᠨ ᠪᠠᠢ᠌ᠬᠤ ᠴᠤ ᠦᠭᠡᠶ
ᠭᠡᠨ ᠨᠢ ᠭᠡᠨ ᠶᠢᠡᠨ ᠡᠷᠢᠵᠤ ᠪᠠᠢ᠌ᠬᠤ ᠨᠢ ᠮᠡᠳᠡᠭ᠍ᠳᠡᠭᠦ ᠦᠭᠡᠶ
ᠬᠠᠢ᠌ᠷ᠎ᠠ ᠭᠡᠭ᠍ᠴᠢ ᠬᠤᠪᠢ ᠵᠠᠶᠠᠭᠠᠨ ᠤ ᠨᠢᠭᠤᠯᠴᠠᠭ᠎ᠠ ᠦᠦ
ᠡᠷᠢᠵᠤ ᠯᠠ ᠴᠥᠭᠦᠭᠦ ᠳᠤ ᠪᠠᠨ ᠪᠢᠳᠡᠭᠦᠭᠡᠨ ᠭᠤᠮᠤᠳᠠᠵᠤ
ᠨᠡᠭᠡᠷᠡᠨ ᠨᠢᠭᠡᠨ ᠶᠢᠡᠨ ᠬᠠᠶᠠᠵᠤ ᠯᠠ ᠶᠠᠪᠣᠭᠠᠤᠨ
ᠥᠭᠡᠷ᠎ᠡ ᠭᠦᠮᠤᠨ ᠤ ᠰᠡᠳᠭᠢᠯ ᠳᠤ
ᠨᠦᠮᠦᠷᠢ ᠣᠯᠤᠨ ᠨᠢᠭᠤᠭᠳᠠᠳᠠᠭ ᠪᠣᠯᠪᠠ ᠦᠦ︖
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2009 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ