ᠨᠡᠪᠲᠡᠷᠡᠨ ᠤᠷᠤᠬᠤ
ᠴᠢᠮᠢ᠋ᠢ ᠬᠠᠷᠠᠬᠤ ᠪᠠᠷ ᠵᠢᠷᠭᠠᠯ ᠢᠷᠠᠨ᠎ᠠ
(ᠭᠠᠳᠠᠨ᠎ᠠ ᠨᠢᠭᠡ)

ᠨᠠᠭᠤᠷ ᠤᠨ ᠬᠤᠨ ᠰᠢᠭ ᠨᠠᠮᠪᠠ ᠴᠤᠪᠣᠭᠤᠯᠢᠭ

ᠨᠠᠭᠠᠯᠢᠩᠬᠠᠢ ᠬᠤᠩᠭ᠋ᠤᠷ ᠪᠦᠰᠡᠭᠦᠢ ᠴᠢᠮ᠎ᠠ ᠲᠡᠶ

ᠨᠠᠷᠠᠳᠤ ᠶᠢᠨ ᠵᠠᠢ ᠳᠤ ᠰᠤᠴᠢᠮᠠᠭ ᠣᠴᠠᠷᠠᠭᠠᠤᠨ

ᠨᠠᠢ᠌ᠷ ᠤᠨ ᠬᠠᠯᠠᠭᠤᠨ ᠳᠤ ᠰᠤᠯᠢᠶᠠᠷᠠᠵᠤ ᠶᠠᠪᠣᠯ᠎ᠠ᠂

ᠳᠦᠷᠰᠦᠭᠦᠢ ᠪᠣᠯᠭᠢᠳᠠᠭ ᠴᠠᠭ ᠡᠴᠡ ᠥᠩᠭᠡᠷᠡᠭ᠍ᠰᠡᠨ ᠴᠤ

ᠳᠤᠯᠤᠭᠠᠤᠨ ᠢᠷᠡᠴᠢᠭᠡᠭ᠍ᠰᠡᠨ ᠵᠢᠷᠭᠠᠯ ᠪᠣᠯᠬᠤᠷ

ᠳᠤᠭᠳᠤᠯᠤᠨ ᠳᠤᠭᠳᠤᠯᠤᠨ ᠴᠢᠮᠢ᠋ᠢ ᠪᠠᠨ ᠬᠠᠷᠠᠬᠤ ᠳᠤ

ᠳᠠᠭᠤᠤ ᠶᠢᠨ ᠨᠤᠲ᠋ ᠰᠢᠭ ᠡᠭᠡᠰᠢᠭᠯᠡᠵᠤ ᠰᠠᠨᠠᠭᠳᠠᠪᠠ ᠡ᠃


ᠠᠭᠤᠯᠠ ᠶᠢᠨ ᠰᠤᠭᠤ ᠰᠢᠭ ᠠᠯᠢᠶ᠎ᠠ ᠳᠡᠭ᠍ᠵᠢᠨ

ᠣᠶᠠᠬᠠᠨ ᠳᠦᠷᠦᠭ᠍ᠰᠡᠨ ᠪᠦᠰᠡᠭᠦᠢ ᠴᠢᠮ᠎ᠠ ᠲᠡᠶ

ᠠᠮᠢᠳᠤᠷᠠᠯ ᠤᠨ ᠵᠠᠮ ᠳᠠᠭᠠᠨ ᠣᠭᠵᠤᠮ ᠬᠠᠷᠭᠤᠭᠠᠤᠨ

ᠠᠮᠠᠷᠠᠭ ᠰᠠᠷᠬᠤᠤᠨ ᠲᠤ ᠰᠤᠭᠳᠤᠭᠤᠷᠠᠵᠤ ᠭᠠᠷᠤᠯ᠎ᠠ᠂

ᠬᠠᠮᠢᠶ᠎ᠠ ᠦᠭᠡᠶ ᠳᠤᠭᠯᠠᠳᠠᠭ ᠨᠠᠰᠤᠨ ᠡᠴᠡ ᠭᠡᠳᠦᠷᠡᠭ᠍ᠰᠡᠨ ᠴᠤ

ᠭᠦᠷᠦᠭᠡᠤᠨ ᠢᠷᠡᠴᠢᠭᠡᠭ᠍ᠰᠡᠨ ᠵᠢᠷᠭᠠᠯ ᠪᠣᠯᠬᠤᠷ

ᠬᠠᠢ᠌ᠷᠠᠯᠠᠨ ᠬᠠᠢ᠌ᠷᠠᠯᠠᠨ ᠴᠢᠮᠢ᠋ᠢ ᠪᠠᠨ ᠬᠠᠷᠠᠬᠤ ᠳᠤ

ᠬᠤᠭᠤᠷ ᠤᠨ ᠠᠶ᠎ᠠ ᠰᠢᠭ ᠭᠦᠭ᠍ᠵᠢᠮᠯᠡᠵᠤ ᠰᠠᠨᠠᠭᠳᠠᠪᠠ ᠡ᠃


ᠭᠡᠭᠡᠷ᠎ᠡ ᠶᠢᠨ ᠴᠡᠴᠡᠭ᠌ ᠰᠢᠭ᠌ ᠰᠤᠷᠭᠤᠭ ᠭᠠᠩᠭ᠋ᠠᠩ

ᠭᠦᠰᠡᠯ ᠤᠨ ᠰᠠᠢ᠌ᠬᠠᠨ ᠪᠦᠰᠡᠭᠦᠢ ᠴᠢᠮ᠎ᠠ ᠲᠡᠶ

ᠬᠤᠯᠠ ᠶᠢᠨ ᠠᠶᠠᠨ ᠳᠠᠭᠠᠨ ᠭᠡᠨᠡᠳᠲᠡ ᠯᠠ ᠠᠭᠤᠯᠵᠠᠭᠠᠤᠨ

ᠬᠤᠨᠤᠭ ᠤᠨ ᠵᠡᠭᠦᠳᠤᠨ ᠤ ᠮᠥᠷᠦᠭᠡᠳᠦᠯ ᠳᠤ ᠣᠨᠠᠯ᠎ᠠ᠂

ᠠᠭᠠᠯᠢᠭᠦᠢ ᠵᠠᠩᠨᠠᠳᠠᠭ ᠦᠶ᠎ᠡ ᠡᠴᠡ ᠵᠠᠢ᠌ᠳᠠᠭᠰᠠᠨ ᠴᠤ

ᠠᠶᠠᠠᠳᠠᠭᠠᠨ ᠢᠷᠡᠴᠢᠭᠡᠭ᠍ᠰᠡᠨ ᠵᠢᠷᠭᠠᠯ ᠪᠣᠯᠬᠤᠷ

ᠱᠤᠬᠤᠭᠤᠷᠬᠠᠨ ᠱᠤᠬᠤᠭᠤᠷᠬᠠᠨ ᠴᠢᠮᠢ᠋ᠢ ᠪᠠᠨ ᠬᠠᠷᠠᠬᠤ ᠳᠤ

ᠰᠢᠯᠦᠭ᠌ ᠤᠨ ᠠᠢ᠌ᠵᠠᠮ ᠰᠢᠭ ᠣᠶᠠᠩᠭ᠋ᠠᠷᠠᠵᠤ ᠰᠠᠨᠠᠭᠳᠠᠪᠠ ᠡ᠃


ᠬᠠᠪᠢᠷᠭᠠᠨ ᠰᠠᠷᠠ ᠰᠢᠭ ᠭᠡᠭᠡᠡᠴᠢᠷ ᠭᠤᠪᠠᠢ

ᠭᠦᠭᠡᠷᠦᠭᠦᠨ ᠵᠠᠶᠠᠭᠠᠭᠰᠠᠨ ᠪᠦᠰᠡᠭᠦᠢ ᠴᠢᠮ᠎ᠠ ᠲᠡᠶ

ᠬᠤᠷᠸ᠎ᠠ ᠶᠢᠨ ᠠᠭᠤᠳᠠᠮ ᠳᠤ ᠢᠷᠦᠭᠡᠯ ᠲᠡᠶ ᠵᠤᠯᠭᠠᠭᠠᠤᠨ

ᠬᠤᠷᠢᠭ᠎ᠠ ᠲᠡᠶ ᠵᠢᠮᠢᠰ ᠢ ᠬᠤᠯᠠᠭᠠᠢ᠌ᠯᠠᠵᠤ ᠢᠳᠠᠯ᠎ᠠ᠂

ᠥᠶᠡᠷᠭᠡᠵᠤ ᠠᠯᠢᠶᠠᠷᠬᠠᠳᠠᠭ ᠨᠠᠰᠤᠨ ᠡᠴᠡ ᠬᠤᠯᠠᠳᠠᠭᠰᠠᠨ ᠴᠤ

ᠦᠨᠡᠩᠬᠦ ᠢᠷᠡᠴᠢᠭᠡᠭ᠍ᠰᠡᠨ ᠵᠢᠷᠭᠠᠯ ᠪᠣᠯᠬᠤᠷ

ᠥᠮᠴᠢᠷᠭᠡᠨ ᠥᠮᠴᠢᠷᠭᠡᠨ ᠴᠢᠮᠢ᠋ᠢ ᠪᠠᠨ ᠬᠠᠷᠠᠬᠤ ᠳ᠋ᠤ

ᠦᠨᠢᠳᠠ ᠶᠢᠨ ᠬᠠᠨᠢ ᠰᠢᠭ ᠡ᠊ᠨᠳᠡᠭᠦᠷᠡᠵᠤ ᠰᠠᠨᠠᠭᠳᠠᠪᠠ ᠡ᠃


ᠪᠣᠯᠵᠤᠭᠠᠨ ᠤ ᠰᠦᠨᠢ


ᠬᠤᠯᠠ ᠡᠴᠡ ᠴᠢᠨᠤ ᠪᠠᠷ᠎ᠠ ᠨᠠᠭᠢᠯᠵᠠᠨ ᠬᠠᠷᠠᠭᠳᠠᠨ᠎ᠠ

ᠬᠤᠵᠢᠮᠳᠠᠭ᠎ᠠ ᠦᠭᠡᠶ ᠨᠢ ᠭᠡᠵᠤ

ᠭᠡᠭᠡᠷ᠎ᠡ ᠶᠢᠨ ᠮᠢᠩᠭ᠋ᠠᠨ ᠴᠡᠴᠡᠭᠡᠰ ᠣᠭᠳᠤᠵᠤ ᠪᠣᠢ᠌ᠯᠠᠨ᠎ᠠ᠃

ᠰᠠᠷᠠᠨ ᠤ ᠳᠤᠶᠠᠭ᠎ᠠ ᠰᠦᠨ ᠤ ᠥᠩᠭᠡ ᠪᠠᠷ ᠢᠳᠡᠭᠡᠷᠡᠵᠤ

ᠰᠠᠯᠭᠢᠨ ᠤ ᠵᠥᠭᠡᠯᠡᠨ ᠰᠢᠪᠰᠢᠯᠭᠡᠨ ᠳᠤ

ᠰᠡᠷᠢᠭᠦᠨ ᠭᠤᠷᠤᠬ᠎ᠠ ᠶᠢᠨ ᠣᠰᠤᠨ ᠠᠷ ᠳᠠᠳᠠᠨ ᠢᠷᠠᠯᠵᠠᠨ᠎ᠠ᠃

ᠪᠣᠯᠵᠤᠮᠤᠷ ᠤᠳ

ᠬᠠᠶᠠ ᠬᠠᠶᠠ ᠪᠣᠳᠠᠨ ᠤ ᠨᠠᠮᠠᠭ᠎ᠠ ᠪᠠᠷ ᠠᠯᠢᠶᠠᠯᠠᠨ

ᠪᠣᠯᠵᠤᠭᠠᠨ ᠤ ᠬᠤᠶᠠᠷ ᠢ ᠡᠯᠡᠭᠯᠡᠵᠤ

ᠰᠠᠤᠠᠭᠢᠯ ᠤᠨ ᠭᠡᠯᠡ ᠪᠠᠷ ᠱᠤᠯᠤᠭᠠᠨᠠᠨ᠎ᠠ᠃

ᠬᠠᠴᠠᠷ ᠳᠡᠭᠡᠷ᠎ᠡ ᠮᠢᠨᠢ ᠢᠴᠢᠮᠡᠭ᠌ ᠥᠨᠦᠰᠦᠭᠡᠤᠨ

ᠬᠠᠷᠠᠩᠭ᠋ᠤᠢ ᠳᠤᠮᠳᠠᠭᠤᠷ ᠴᠢ ᠳᠠᠯᠳᠠᠷᠢᠵᠤ ᠣᠳᠤᠨ᠎ᠠ

ᠭᠡᠴᠡᠭᠦᠤ ᠵᠤᠷᠢᠭ ᠲᠡᠶ ᠪᠦᠰᠡᠭᠦᠢ ᠪᠠᠢ᠌ᠨ᠎ᠠ ᠳ᠋ᠠ ᠭᠡᠵᠤ

ᠭᠡᠭᠦᠳᠡᠭ᠌ ᠳᠤᠳᠤᠷ᠎ᠠ ᠪᠠᠨ ᠪᠢ ᠬᠠᠢ᠌ᠷ᠎ᠠ ᠶᠢᠨ ᠳᠠᠭᠠᠤᠠᠬᠠᠯ ᠮᠠᠨᠠᠨ᠎ᠠ᠃

ᠠᠢ᠌ᠯ ᠤᠨ ᠡᠭᠦᠳᠡᠨ ᠡᠴᠡ ᠬᠠᠢ᠌ᠷ᠎ᠠ ᠳᠤᠷᠠᠯᠠᠯ ᠰᠠᠯᠭᠢᠯᠠᠵᠤ ᠢᠷᠡᠳᠡᠭ᠌

ᠠᠮᠢᠳᠤᠷᠠᠯ ᠤᠨ ᠬᠠᠷᠭᠤᠢ ᠳᠤ ᠬᠤᠪᠢ ᠵᠠᠶᠠᠭ᠎ᠠ ᠳᠤᠷᠭᠠᠭᠳᠠᠵᠤ ᠪᠣᠴᠠᠳᠠᠭ᠃

ᠦᠵᠡᠷᠠᠵᠤ ᠬᠠᠭᠤᠴᠢᠷᠠᠭᠰᠠᠨ ᠣᠨ ᠰᠠᠷ᠎ᠠ ᠶᠢᠨ ᠺᠠᠷᠲ᠋ ᠡᠴᠡ

ᠦᠨᠡᠨ ᠤ ᠭᠡᠷᠡᠴᠢ ᠬᠠᠢ᠌ᠷ᠎ᠠ ᠨᠠᠢ᠌ᠷ ᠦᠭᠡᠶ ᠪᠠᠯᠠᠯᠤᠭᠳᠠᠨ᠎ᠠ

ᠶᠠᠪᠣᠳᠠᠯ ᠪᠦᠭᠦᠨ ᠢ ᠡᠷᠭᠢᠴᠡᠭᠦᠯᠵᠤ ᠪᠣᠳᠤᠬᠤᠯ᠎ᠠ

ᠶᠠᠭ ᠯᠠ ᠥᠩᠭᠡᠷᠡᠭ᠍ᠰᠡᠨ ᠰᠦᠨᠢ ᠶᠢᠨ ᠪᠣᠯᠵᠤᠭ᠎ᠠ ᠰᠢᠭ

ᠭᠠᠰᠢᠭᠤᠨ ᠮᠥᠷᠳᠡᠭᠡᠨ ᠰᠢᠭᠢᠷᠯᠢᠭ᠌᠃

ᠳᠤᠮᠳᠠᠴᠢ ᠨᠠᠮᠤᠷ ᠤᠨ ᠣᠯᠠᠷᠢᠯ ᠨᠢᠭᠡᠨᠲᠡ ᠭᠦᠷᠴᠤ ᠢᠷᠠᠪᠠ

ᠳᠤᠮᠳᠠ ᠴᠢᠮᠦᠭᠡ ᠪᠠᠷ ᠶᠢᠡᠨ ᠵᠢᠷᠭᠢᠭᠦ ᠴᠠᠭ ᠥᠩᠭᠡᠷᠡᠵᠤ ᠣᠤᠠᠪᠠ

ᠥᠯᠡᠳᠡᠭ᠍ᠰᠡᠨ ᠪᠦᠭᠦᠨ ᠮᠢᠨᠢ ᠠᠮᠳᠠᠳᠤ ᠰᠠᠷᠬᠤᠤᠨ ᠤᠨ ᠳᠠᠭᠤᠤ ᠳᠠᠳᠤᠢ

ᠥᠯᠢᠭᠡᠷ ᠨᠢ ᠢᠨᠠᠭ ᠳᠤᠷᠠᠯᠠᠯ ᠮᠠᠳᠤ ᠮᠤᠷᠤᠢ ᠰᠠᠷᠤᠢ ᠥᠷᠭᠦᠯᠵᠢᠯᠡᠨ᠎ᠡ᠃

ᠪᠣᠳᠠᠨ ᠤ ᠨᠠᠮᠠᠭ᠎ᠠ ᠰᠢᠷᠠᠯᠠᠵᠤ ᠡᠭᠢᠯᠡᠵᠡᠢ

ᠪᠣᠯᠵᠤᠮᠤᠷ ᠤᠨ ᠦᠳᠦ ᠴᠤ ᠰᠢᠩᠭᠡᠷᠡᠵᠤ ᠡᠭᠢᠯᠡᠵᠡᠢ

ᠮᠠᠷ ᠰᠠᠷ ᠬᠤᠩᠭ᠋ᠤᠷ ᠰᠠᠯᠭᠢᠨ ᠥᠯᠢᠶᠡᠭᠦᠶ᠎ᠡ

ᠮᠥᠷᠦᠭᠡᠳᠦᠯ ᠤᠨ ᠳᠡᠷᠡᠭᠦ ᠪᠣᠯᠵᠤᠭᠠᠨ ᠤ ᠰᠦᠨᠢ ᠯᠠ

ᠮᠥᠩᠭᠡ ᠶᠢᠨ ᠬᠤᠷᠤᠮ ᠶᠢᠡᠷ ᠰᠠᠤᠠᠭᠢᠯ ᠳᠤ ᠵᠢᠩᠭᠢᠨᠠᠵᠤ ᠣᠶᠠᠩᠭ᠋ᠠᠷᠠᠨ᠎ᠠ᠃

ᠵᠤᠬᠢᠶᠠᠭᠴᠢ᠄ ᠴ·ᠪᠠᠶᠠᠰᠤᠯ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3391
ᠴᠠᠭ᠄ 2005 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ