☆ ᠰᠤᠷᠳᠠᠯᠳᠤ
ᠮᠢᠨᠤ ᠬᠠᠢ᠌ᠷᠠᠳᠤ ᠰᠤᠷᠭᠠᠭᠤᠯᠢ
ᠪᠠᠶᠠᠨ ᠪᠠᠷᠭᠤ ᠶᠢᠨ ᠠᠭᠤᠳᠠᠮ ᠳᠠᠯ᠎ᠠ ᠳ᠋ᠤ
ᠪᠠᠳᠮᠠᠯᠠᠨ ᠳᠡᠯᠭᠡᠷᠡᠭ᠍ᠰᠡᠨ ᠭᠦᠢᠰ ᠴᠡᠴᠡᠭ᠌
ᠪᠠᠶᠠᠰᠤᠯᠳᠤ ᠲᠦᠮᠡᠨ ᠤ ᠬᠠᠷᠠᠭ᠎ᠠ ᠶᠢ ᠳᠡᠯᠡᠭ᠍ᠰᠡᠨ
ᠪᠠᠶᠠᠯᠢᠭ ᠰᠤᠶᠤᠯ ᠤᠨ ᠳᠠᠷᠬᠠᠨ ᠭᠤᠯᠤᠮᠳᠠ
ᠮᠢᠨᠤ ᠬᠠᠢ᠌ᠷᠠᠳᠤ ᠰᠤᠷᠭᠠᠭᠤᠯᠢ
ᠮᠢᠷᠠᠯᠵᠠᠭᠰᠠᠨ ᠬᠠᠪᠣᠷ ᠤᠨ ᠤᠶᠠᠩᠭ᠎ᠠ
ᠪᠣᠭᠤᠷᠤᠯ ᠭᠡᠷᠦᠯᠤᠨ ᠤ ᠡᠭᠡᠰᠢᠭ᠌ ᠢ ᠴᠢᠩᠨᠠᠨ
ᠪᠣᠭᠳᠠ ᠬᠠᠢ᠌ᠷᠬᠠᠨ ᠤ ᠭᠡᠰᠢᠭ᠌ ᠢ ᠭᠦᠷᠳᠡᠨ
ᠪᠣᠯᠪᠠᠷᠠᠢ ᠬᠡᠦᠬᠡᠳ ᠢ ᠡᠪᠦᠷ ᠲᠤ ᠪᠠᠨ ᠪᠦᠪᠠᠢ᠌ᠯᠠᠨ
ᠪᠢᠯᠢᠭ᠍ᠳᠤ ᠭᠦᠯᠦᠭ᠌ ᠤᠨ ᠳᠦᠷᠦᠭᠡᠨ ᠳᠤ ᠭᠢᠰᠭᠢᠭᠦᠯᠦᠭ᠍ᠰᠡᠨ
ᠮᠢᠨᠤ ᠬᠠᠢ᠌ᠷᠠᠳᠤ ᠰᠤᠷᠭᠠᠭᠤᠯᠢ
ᠮᠦᠷᠦᠭᠡᠳᠦᠯ ᠤᠨ ᠠᠯᠳᠠᠨ ᠬᠠᠷᠭᠤᠢ
ᠡᠷᠡᠨ ᠤ ᠵᠤᠯᠠᠢ ᠶᠢ ᠰᠦ᠋ ᠪᠠᠷ ᠮᠢᠯᠢᠶᠠᠨ
ᠡᠩᠭᠡ ᠮᠠᠠᠳᠤ ᠶᠢᠨ ᠬᠠᠳᠠᠭ ᠶᠢᠡᠨ ᠡᠷᠭᠦᠭ᠍ᠰᠡᠨ
ᠡᠷᠳᠡᠮᠳᠤ ᠪᠠᠭᠰᠢ ᠶᠢᠨ ᠣᠢ᠌ᠯᠠᠰ ᠵᠢᠳᠭᠦᠯ ᠶᠢᠡᠷ
ᠡᠵᠡᠨ ᠵᠠᠶᠠᠭᠠᠨ ᠤ ᠰᠦᠯᠳᠡ ᠪᠠᠨ ᠬᠤᠷᠣᠢ᠌ᠯᠠᠭᠰᠠᠨ
ᠮᠢᠨᠤ ᠬᠠᠢ᠌ᠷᠠᠳᠤ ᠰᠤᠷᠭᠠᠭᠤᠯᠢ
ᠮᠢᠩᠭ᠋ᠠᠨ ᠵᠠᠭᠤᠨ ᠤ ᠵᠦᠩᠨᠠᠯ
2010.7
(ᠳᠤᠰ ᠰᠢᠯᠦᠭ᠌ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠰᠦᠯᠳᠡ ᠳᠠᠭᠤᠤ ᠪᠠᠷ ᠰᠤᠩᠭ᠋ᠤᠭᠳᠠᠨ ᠭᠡᠷᠡᠭᠯᠡᠭ᠍ᠳᠡᠪᠡ)
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ
ᠵᠤᠬᠢᠶᠠᠭᠴᠢ᠄ ᠰᠤᠷᠳᠠᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2660
ᠴᠠᠭ᠄ 2012 ᠤᠨ ᠤ 04 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ