☆ ᠡᠷᠳᠡᠨᠢᠪᠠᠭᠠᠨ᠎ᠠ
ᠰᠥ᠋
ᠳᠡᠯᠡᠭᠡᠢ ᠡᠭᠡ ᠶᠢᠨ ᠵᠠᠶᠠᠭ᠎ᠠ ᠬᠠᠢ᠌ᠷᠠᠯᠠᠨ
ᠰᠥ᠋ ᠳᠡᠭ᠍ᠷᠢ ᠡᠴᠠ ᠢᠷᠡᠭ᠍ᠰᠡᠨ ᠶᠤᠮᠰᠠᠨ
ᠳᠡᠯᠭᠡᠷ ᠮᠤᠩᠭ᠋ᠤᠯ ᠳᠠᠯ᠎ᠠ ᠰᠢᠪᠬᠠᠨ
ᠰᠥ᠋ ᠨᠠᠷᠠᠨ ᠡᠴᠠ ᠠᠮᠢᠯᠠᠭᠰᠠᠨ ᠶᠤᠮᠰᠠᠨ
ᠳᠦᠭᠦᠷᠢᠭ᠌ ᠮᠤᠩᠭ᠋ᠤᠯ ᠭᠡᠷ ᠭᠡᠭᠡᠯᠡᠵᠤ
ᠰᠥ᠋ ᠨᠤᠭᠤᠭᠠᠨ ᠡᠴᠠ ᠪᠣᠷᠭᠢᠯᠤᠭᠰᠠᠨ ᠶᠤᠮᠰᠠᠨ
ᠳᠦᠭᠦᠭᠡ ᠣᠬᠠᠭᠠᠨ ᠤ ᠨᠠᠢ᠌ᠷ ᠵᠠᠳᠠᠯᠤᠨ
ᠰᠥ᠋ ᠰᠠᠯᠭᠢᠨ ᠡᠴᠠ ᠠᠭᠤᠰᠤᠭᠰᠠᠨ ᠶᠤᠮᠰᠠᠨ
ᠬᠠᠪᠢᠷᠭᠠᠨ ᠰᠠᠷᠠᠨ ᠤ ᠤᠶᠠᠩᠭ᠎ᠠ ᠰᠢᠪᠳᠤᠷᠤᠨ
ᠰᠥ᠋ ᠭᠤᠤᠯ ᠡᠴᠠ ᠣᠷᠤᠰᠤᠭᠰᠠᠨ ᠶᠤᠮᠰᠠᠨ
ᠬᠠᠷ᠎ᠠ ᠡᠳᠦᠷ ᠤᠨ ᠢᠯᠴᠢ ᠮᠥᠰᠢᠶᠡᠯᠭᠡᠨ
ᠰᠥ᠋ ᠭᠦᠳᠡᠯᠮᠦᠷᠢ ᠡᠴᠠ ᠣᠠᠳᠤᠷᠤᠭᠰᠠᠨ ᠶᠤᠮᠰᠠᠨ
ᠬᠠᠢ᠌ᠷᠬᠠᠨ ᠠᠭᠤᠯᠠᠨ ᠤ ᠴᠢᠯᠠᠭᠤ ᠵᠥᠭᠡᠯᠡᠯᠡᠵᠤ
ᠰᠥ᠋ ᠰᠡᠳᠭᠢᠯ ᠡᠴᠠ ᠢᠷᠡᠭ᠍ᠰᠡᠨ ᠶᠤᠮᠰᠠᠨ
ᠬᠠᠷ᠎ᠠ ᠪᠣᠷᠤ ᠨᠢᠳᠤᠨ ᠤ ᠴᠡᠴᠡᠭᠡᠢ ᠳᠤᠶᠠᠭᠠᠯᠠᠵᠤ
ᠰᠥ᠋ ᠬᠠᠢ᠌ᠷ᠎ᠠ ᠡᠴᠠ ᠢᠷᠡᠭ᠍ᠰᠡᠨ ᠶᠤᠮᠰᠠᠨ
ᠡᠷ᠎ᠡ ᠭᠦᠮᠤᠨ ᠤ ᠶᠠᠰᠤ ᠬᠠᠳᠠᠭᠤᠯᠠᠵᠤ
ᠰᠥ᠋ ᠡᠪᠦᠯ ᠡᠴᠠ ᠢᠷᠡᠭ᠍ᠰᠡᠨ ᠶᠤᠮᠰᠠᠨ
ᠭᠡᠦᠭᠡᠨ ᠭᠦᠮᠤᠨ ᠤ ᠰᠠᠨᠠᠯ ᠪᠦᠭᠡᠢ᠌ᠴᠢᠯᠡᠵᠤ
ᠰᠥ᠋ ᠵᠤᠨ ᠡᠴᠠ ᠢᠷᠡᠭ᠍ᠰᠡᠨ ᠶᠤᠮᠰᠠᠨ
ᠢᠳᠡᠭᠡᠯ ᠭᠦᠰᠡᠯ ᠤᠨ ᠭᠠᠯ ᠴᠠᠭᠢᠵᠤ
ᠰᠥ᠋ ᠬᠠᠪᠣᠷ ᠡᠴᠠ ᠢᠷᠡᠭ᠍ᠰᠡᠨ ᠶᠤᠮᠰᠠᠨ
ᠣᠷᠠᠨ ᠰᠢᠪᠠᠭᠤᠨ ᠤ ᠵᠢᠭᠦᠷ ᠡᠨᠡᠷᠢᠵᠤ
ᠰᠥ᠋ ᠨᠠᠮᠤᠷ ᠡᠴᠠ ᠢᠷᠡᠭ᠍ᠰᠡᠨ ᠶᠤᠮᠰᠠᠨ
ᠬᠠᠮᠤᠭ ᠰᠠᠢ᠌ᠬᠠᠨ ᠤ ᠢᠷᠦᠭᠡᠯ ᠬᠠᠩᠬᠤᠯᠤᠭᠤᠯᠵᠤ
ᠰᠥ᠋ ᠴᠡᠴᠡᠭ᠌ ᠡᠴᠠ ᠢᠷᠡᠭ᠍ᠰᠡᠨ ᠶᠤᠮᠰᠠᠨ
ᠬᠠᠮᠤᠭ ᠪᠣᠷᠤᠭᠵᠢᠭᠤᠨ ᠤ ᠣᠬᠠᠭᠠᠨ ᠰᠡᠪᠢᠭᠦᠯᠵᠤ
ᠰᠥ᠋ ᠡᠪᠠᠰᠤ ᠡᠴᠠ ᠢᠷᠡᠭ᠍ᠰᠡᠨ ᠶᠤᠮᠰᠠᠨ
ᠡᠷᠴᠢᠮ ᠭᠦᠴᠤᠨ ᠤ ᠬᠠᠭᠤᠴᠢ ᠳᠡᠯᠭᠡᠵᠤ
ᠰᠥ᠋ ᠬᠠᠳᠠᠭ ᠡᠴᠠ ᠢᠷᠡᠭ᠍ᠰᠡᠨ ᠶᠤᠮᠰᠠᠨ
ᠡᠷᠢᠯ ᠰᠤᠷᠠᠯ ᠤᠨ ᠵᠢᠷᠤᠮ ᠰᠢᠩᠭᠡᠵᠤ
ᠰᠥ᠋ ᠭᠡᠯᠡᠨ ᠡᠴᠠ ᠢᠷᠡᠭ᠍ᠰᠡᠨ ᠶᠤᠮᠰᠠᠨ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11636
ᠴᠠᠭ᠄ 2013 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ