ᠨᠡᠪᠲᠡᠷᠡᠨ ᠤᠷᠤᠬᠤ
ᠴᠡᠩᠭᠡᠷ ᠪᠣᠢ᠌ᠷ ᠤᠨ ᠭᠡᠦᠭᠡᠨ

ᠴᠡᠩᠭᠡᠷ ᠪᠣᠢ᠌ᠷ ᠤᠨ ᠭᠡᠦᠭᠡᠨ ᠴᠢ

ᠴᠡᠴᠡᠭ᠌ ᠡᠴᠡ ᠳᠦᠷᠦᠭ᠍ᠰᠡᠨ ᠴᠡᠴᠡᠭ᠌ ᠦᠦ︖

ᠴᠡᠯᠡᠭᠡᠷᠯᠡᠵᠤ ᠶᠠᠪᠣᠭ᠎ᠠ ᠨᠠᠰᠤᠨ ᠤ

ᠴᠡᠩᠭᠡᠯ ᠳᠠᠯᠠᠯᠤᠭᠰᠠᠨ ᠬᠤᠷᠤᠢ ᠦᠦ︖

ᠴᠡᠯᠡᠭᠡᠷ ᠴᠡᠭᠡᠵᠢ ᠶᠢ ᠴᠢᠨᠢ ᠬᠠᠷᠠᠭᠠᠤᠨ

ᠴᠡᠭᠡᠯ ᠤᠨ ᠭᠢᠨᠢ ᠭᠦᠨ ᠢ ᠭᠠᠢ᠌ᠬᠠᠭᠰᠠᠨ ᠶᠤᠮ

ᠴᠠᠪᠠᠷ ᠠᠭᠠᠰᠢᠨ ᠳᠤ ᠴᠢᠨᠢ ᠣᠶᠠᠷᠠᠭᠠᠤᠨ

ᠴᠠᠴᠠᠨ ᠣᠬᠠᠭᠠᠨ ᠳᠤ ᠴᠢᠨᠢ ᠳᠤᠷᠠᠯᠠᠭᠰᠠᠨ ᠶᠤᠮ᠃

ᠠᠰᠬᠠᠷᠠᠭᠰᠠᠨ ᠦᠰᠦ ᠶᠢ ᠴᠢᠨᠢ ᠢᠯᠪᠢᠭᠡᠤᠨ

ᠦᠳᠡᠰᠢ ᠪᠦᠷᠢ ᠳᠠᠭᠤᠯᠠᠬᠤ ᠰᠠᠨ

ᠠᠯᠠᠭ ᠳᠡᠯᠡᠭᠡᠢ ᠶᠢ ᠪᠠᠶᠠᠰᠳᠠᠯ᠎ᠠ

ᠥᠤᠷ ᠤᠨ ᠳᠡᠭ᠍ᠷᠢ ᠳᠤ ᠢᠰᠭᠡᠷᠭᠦ ᠰᠠᠨ᠃

ᠠᠭᠤᠤ ᠠᠭᠤᠳᠠᠮᠴᠢ ᠬᠤᠷᠸ᠎ᠠ ᠳᠡᠭᠡᠭᠦ ᠪᠠᠷ

ᠠᠯᠠᠭᠠᠨ ᠴᠢᠨᠡᠭᠡ ᠪᠣᠯᠤᠨ᠎ᠠ ᠪᠠᠢ᠌ᠬᠤ

ᠠᠤᠠᠬᠤᠬᠠᠨ ᠵᠢᠷᠦᠭᠡ ᠰᠢᠭ᠌ ᠴᠢ ᠮᠢᠨᠢ

ᠠᠯᠳᠠ ᠪᠠᠶ᠎ᠠ ᠳᠤ ᠰᠢᠩᠭᠡᠨ᠎ᠡ ᠪᠠᠢ᠌ᠬᠤ

ᠪᠠᠢ᠌ᠭᠠᠯᠢ ᠶᠢᠨ ᠠᠭᠤᠵᠢᠮ ᠡᠪᠦᠷ ᠳᠤ

ᠡᠷᠭᠡᠯᠡᠵᠤ ᠵᠠᠶᠠᠭᠠᠭᠰᠠᠨ ᠨᠤᠳᠤᠭ ᠳᠠᠢ

ᠡᠷᠭᠡ ᠴᠠᠭᠠᠨ ᠳᠠᠭᠢᠨᠢ

ᠪᠠᠷᠭᠤ ᠶᠢᠨ ᠭᠠᠩᠭ᠋ᠠᠩ ᠭᠡᠦᠭᠡᠨ

ᠣᠰᠤ ᠪᠠᠨ ᠳᠠᠭᠠᠵᠤ ᠵᠢᠷᠪᠢᠭᠢᠨᠡᠭ᠍ᠰᠡᠨ

ᠣᠶᠠᠬᠠᠨ ᠢᠯᠳᠠᠮ ᠠᠭᠠᠰᠢ ᠳᠠᠢ

ᠣᠶᠠᠩᠭ᠋᠎ᠠ ᠶᠢᠨ ᠣᠩᠭ᠋ᠤᠳ ᠢ ᠳᠠᠯᠠᠯᠬᠤ

ᠣᠴᠠᠷᠠᠯ ᠳᠡᠭᠦᠰ ᠪᠣᠶᠠᠨ ᠳᠠᠢ

ᠴᠡᠩᠭᠡᠷ ᠪᠣᠢ᠌ᠷ ᠤᠨ ᠭᠡᠦᠭᠡᠨ ᠴᠢ

ᠴᠡᠴᠡᠭ᠌ ᠡᠴᠡ ᠳᠦᠷᠦᠭ᠍ᠰᠡᠨ ᠴᠡᠴᠡᠭ᠌ ᠦᠦ︖

ᠮᠤᠷᠢᠳᠤ ᠣᠭᠰᠠᠭᠠᠳᠠᠨ ᠢ ᠪᠠᠳᠠᠷᠭᠠᠬᠤ

ᠮᠤᠩᠭ᠋ᠤᠯ ᠭᠠᠯ ᠤᠨ ᠭᠤᠯᠤᠮᠳᠠ ᠦᠦ︖

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3020
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ