ᠨᠡᠪᠲᠡᠷᠡᠨ ᠤᠷᠤᠬᠤ
ᠰᠠᠨᠠᠵᠤ ᠯᠠ ᠶᠠᠪᠣᠶ᠎ᠠ

ᠰᠠᠨᠠᠪᠠᠯ ᠰᠠᠨᠠᠯ᠎ᠠ ᠰᠢᠳᠠ

ᠰᠠᠨᠠᠬᠤ ᠶᠢᠨ ᠡᠷᠭᠡᠨ ᠳᠤ ᠡᠷᠢᠭ᠍ᠳᠡᠭᠡᠳ ᠪᠠᠢ᠌ᠳᠠᠭ ᠢ ᠪᠢ ᠶᠠᠭᠠᠭᠢᠳᠠᠭ ᠪᠣᠢ︖

ᠰᠠᠠᠰᠠᠷ ᠠᠶᠠᠯᠠᠯ ᠶᠢᠡᠷ ᠪᠠᠶ᠎ᠠ ᠪᠠᠨ ᠵᠠᠢ᠌ᠳᠠᠭᠤᠯᠴᠢᠬᠠᠯ᠎ᠠ ᠯᠠ ᠴᠤ ᠭᠡᠰᠡᠨ

ᠰᠠᠢ᠌ᠬᠠᠨ ᠠᠭᠠᠰᠢ ᠨᠢ ᠰᠡᠳᠭᠢᠯ ᠳᠤ ᠡᠷᠭᠢᠯᠳᠦᠭᠡᠳ ᠪᠠᠢ᠌ᠳᠠᠭ ᠢ ᠪᠢ ᠶᠠᠭᠠᠭᠢᠳᠠᠭ ᠪᠣᠢ︖

ᠰᠠᠨᠠᠶ᠎ᠠ ᠭᠡᠵᠤ ᠰᠠᠨᠠᠭᠰᠠᠨ ᠴᠤ ᠪᠢᠰᠢ ᠳ᠋ᠠ ᠶᠠᠮᠠᠷ

ᠰᠠᠨᠠᠭᠠᠨ ᠳᠤ ᠦᠭᠡᠶ ᠰᠡᠳᠭᠢᠯ ᠳᠤ ᠪᠠᠭᠤᠴᠢᠬᠠᠳᠠᠭ ᠢ ᠪᠢ ᠶᠠᠭᠠᠭᠢᠳᠠᠭ ᠪᠣᠢ︖

ᠰᠠᠮᠠᠭᠤᠷᠠᠵᠤ ᠳᠠᠰᠢᠶᠠᠷᠠᠵᠤ ᠪᠠᠰᠠ ᠰᠠᠢ᠌ᠮᠰᠤᠷᠠᠵᠤ ᠨᠡᠷᠡᠯᠭᠡᠵᠤ ᠶᠠᠪᠣᠶ᠎ᠠ ᠭᠡᠰᠡᠨ ᠪᠢᠰᠢ

ᠳᠡᠭᠡᠭᠦ ᠭᠡᠰᠡᠨ ᠪᠣᠯ ᠡᠳᠦᠢ ᠨᠠᠰᠤᠯᠠᠳᠠᠯ᠎ᠠ ᠪᠢ ᠢᠩᠭᠢᠵᠤ ᠭᠢᠨᠠᠮᠠᠭᠠᠢ ᠶᠠᠪᠣᠬᠤ ᠴᠤ ᠪᠢᠰᠢ

ᠰᠠᠪᠠ ᠶ‍ᠢᠷᠳᠢᠠᠴᠤ ᠳᠤ ᠭᠦᠮᠤᠨ ᠶᠠᠭᠤᠨ ᠤ ᠮᠤᠩᠳᠠᠬᠤ ᠪᠣᠢ ︕

ᠨᠠᠮ᠎ᠠ ᠶᠢ ᠵᠠᠪᠠᠯ ᠰᠠᠨᠠᠵᠤ ᠶᠠᠪᠣ ᠭᠡᠵᠤ

ᠨᠠᠳᠠᠳᠤ ᠳᠠᠷᠠ ᠪᠠᠰᠠ ᠡᠯᠳᠡᠪᠯᠡᠭᠡ ᠴᠤ ᠥᠭᠡᠢ

ᠨᠠᠷᠠᠯᠠᠭ ᠬᠤᠷᠸ᠎ᠠ ᠳᠤ ᠭᠠᠭᠴᠠ ᠦᠪᠡᠷ ᠢ ᠪᠠᠨ ᠭᠡᠵᠤ

ᠨᠠᠭᠠᠳᠤ ᠪᠦᠰᠡᠭᠦᠢ ᠰᠢᠭ᠌ ᠶᠢᠡᠨ ᠮᠠᠶ‍ᠢᠭᠯᠠᠳᠠᠭ ᠴᠤ ᠦᠭᠡᠶ᠂ ᠰᠠᠭᠰᠠᠭᠤᠷᠠᠳᠠᠭ ᠴᠤ ᠦᠭᠡᠶ᠃

ᠨᠠᠮᠬᠠᠨ ᠠᠭᠠᠰᠢᠨ ᠳᠠᠭᠠᠨ ᠭᠡᠵᠢᠶᠡᠳᠡ ᠭᠡᠪ ᠶᠢᠡᠷ ᠶᠢᠡᠨ ᠳᠤᠷᠮᠣᠢ᠌ᠵᠤ

ᠨᠠᠮᠪᠠᠯᠢᠭ ᠳᠦᠷᠭᠦ ᠪᠠᠷ ᠶᠢᠡᠨ ᠪᠣᠰᠤᠳ ᠡᠴᠡ ᠢᠯᠭᠠᠷᠠᠵᠤ ᠬᠠᠷᠠᠭᠳᠠᠳᠠᠭ ᠳᠠᠳᠤᠢ ︕

ᠳᠤᠭᠳᠤᠯᠵᠤ ᠣᠶᠠᠷᠠᠬᠤ ᠳᠠᠭᠠᠨ ᠳᠠᠷᠠ ᠪᠠᠰᠠ ᠬᠠᠶᠠ ᠬᠠᠶᠠ ᠣᠤᠭᠤᠴᠢᠬᠠᠨ᠎ᠠ ᠂ ᠳᠠᠭᠤᠯᠠᠴᠢᠬᠠᠨ᠎ᠠ᠃

ᠳᠤᠷᠠᠯᠠᠪᠠᠯ ᠪᠠᠰᠠ ᠳᠤᠳᠤᠨᠤ ᠨᠥᠭᠦᠤᠨ ᠲᠡᠶ ᠪᠠᠨ ᠰᠤᠭᠳᠤᠴᠢᠬᠠᠨ᠎ᠠ ᠂ ᠪᠦᠵᠢᠭᠯᠡᠴᠢᠭᠡᠨ᠎ᠡ᠃

ᠳᠤᠭᠤᠢ ᠦᠶ᠎ᠡ ᠳᠡᠭᠡᠨ ᠬᠠᠢ᠌ᠷ᠎ᠠ ᠪᠠᠨ ᠥᠭᠡᠢ᠌ᠯᠡᠭᠡᠳ ᠰᠢᠯᠦᠭᠯᠡᠵᠤ ᠦᠵᠡᠨ᠎ᠡ ᠂ ᠮᠠᠯᠠᠷᠠᠵᠤ ᠦᠵᠡᠨ᠎ᠡ᠃

ᠳᠠᠭᠤᠯᠢᠮ᠎ᠠ ᠬᠤᠷᠸ᠎ᠠ ᠳᠤ ᠦᠪᠡᠷ ᠢ ᠪᠠᠨ ᠡᠷᠢᠭᠡᠳ ᠳᠤᠯᠢᠳᠠᠵᠤ ᠴᠤ ᠦᠵᠡᠨ᠎ᠡ᠃

ᠣᠢ᠌ᠯᠠᠭᠠᠶ᠎ᠠ ᠭᠡᠵᠤ ᠪᠢ ᠳᠡᠭᠦᠨ ᠳᠤ ᠤᠢ᠌ᠷᠠᠳᠤᠭᠰᠠᠨ ᠪᠢᠰᠢ

ᠠᠶᠠᠠᠳᠠᠭᠠᠨ ᠳᠤᠷᠠᠯᠠᠭᠠᠤᠨ ᠥᠭᠡᠳᠡ ᠡᠴᠠ ᠨᠢ ᠪᠢ ᠴᠢᠨᠢ ᠳᠡᠮᠡᠤᠯᠴᠢᠭᠡᠨ᠎ᠡ

ᠦᠨᠡᠠᠴᠢ ᠳᠤᠷᠠᠯᠠᠯ ᠤᠨ ᠠᠷᠢᠭᠤᠨ ᠴᠠᠢ᠌ᠯᠭᠠᠨ ᠢ ᠭ᠍ᠭᠢᠷᠳᠦᠭᠡᠵᠤ ᠪᠢ ᠳᠦᠪᠳᠡᠭᠦ ᠥᠭᠡᠢ ᠪᠤᠯᠬᠤᠷ

ᠳᠤᠷᠠᠯᠠᠯ ᠮᠢᠨᠢ ᠭᠡᠵᠤ ᠰᠠᠨᠠᠵᠤ ᠯᠠ ᠶᠡᠪᠦᠶ᠎ᠡ ᠂ ᠭᠦᠭᠡᠷᠦᠭᠦᠨ ᠴᠢᠮ᠎ᠡ ᠪᠠᠨ᠃

ᠡᠭᠡ ᠶᠢᠨ ᠭᠡᠪᠠᠯᠢ ᠢᠰᠭᠦᠯᠵᠤ ᠡᠷ᠎ᠡ ᠶᠢᠨ ᠵᠠᠶᠠᠭ᠎ᠠ ᠳᠡᠢ ᠢᠷᠡᠴᠢᠭᠡᠭᠡᠳ

ᠳᠤᠷᠠᠯᠠᠯ ᠳᠤᠷᠠᠯᠠᠯ ᠭᠡᠭ᠍ᠰᠡᠭᠡᠷ ᠡᠷᠭᠢᠭᠦᠳᠡᠵᠤ ᠪᠣᠢ ᠭᠡᠵᠤ ᠨᠠᠮ᠎ᠠ ᠶᠢ ᠪᠢᠳᠡᠭᠡᠢ ᠳᠤᠭᠤᠭᠢᠯᠠ︕

ᠳᠤᠷᠠᠯᠠᠵᠤ ᠶᠠᠪᠣᠭᠰᠠᠨ ᠪᠦᠰᠡᠭᠦᠢ ᠶᠢᠨ ᠬᠠᠯᠠᠭᠤᠨ ᠵᠥᠭᠡᠯᠡᠨ ᠬᠠᠢ᠌ᠷ᠎ᠠ ᠳ᠋ᠤ

ᠣᠶᠠᠰᠴᠤ᠂ ᠦᠪᠡᠷ ᠢ ᠪᠠᠨ ᠳᠡᠨᠢᠵᠤ᠂ ᠥᠭᠡᠳᠡᠯᠡᠵᠤ ᠶᠠᠪᠣᠭ᠎ᠠ ᠶᠢ ᠮᠢᠨᠢ ᠬᠠᠷᠢᠨ ᠮᠠᠳᠠᠷᠠᠵᠤ ᠦᠵᠡ︕

ᠪᠢ ᠣᠤᠯ ᠤᠨ ᠰᠢᠭ ᠶᠢᠡᠨ ᠡᠳᠦᠷ ᠡᠳᠦᠷ ᠤᠨ ᠴᠢᠨᠡᠭᠡ ᠪᠠᠷ

ᠦᠶᠡᠴᠤᠤᠯ ᠲᠡᠶ ᠪᠠᠨ ᠭᠡᠯᠭᠢᠶᠡᠷᠡᠭᠡᠳ ᠳᠠᠩᠬᠠᠢ᠌ᠷᠠᠵᠤ ᠨᠠᠭᠠᠳᠴᠤ ᠪᠦᠷ ᠪᠣᠯᠤᠨ᠎ᠠ

ᠠᠮᠢ ᠨᠠᠰᠤ ᠶᠠᠮᠠᠷ ᠡᠭᠦᠨ ᠡᠴᠠ ᠪᠣᠯᠵᠤ ᠬᠤᠷᠤᠭᠳᠠᠬᠤ ᠪᠢᠰᠢ ᠳ᠋ᠠ︕

ᠭᠠᠭᠴᠡᠭᠦ ᠂ ᠢᠩᠭᠢᠵᠤ ᠦᠷᠭᠦᠯᠵᠢᠯᠡᠭᠦᠯᠪᠠᠯ ᠠᠮᠢ ᠨᠠᠰᠤᠨ ᠳᠠᠭᠠᠨ ᠪᠢ ᠣᠰᠤᠯᠳᠤᠨ᠎ᠠ

ᠠᠮᠢ ᠨᠠᠰᠤ ᠰᠢᠭ ᠭᠠᠭᠴᠠ ᠪᠠᠢ᠌ᠳᠠᠭ ᠮᠤᠩᠭ᠋ᠤᠯ ᠳᠠᠭᠠᠨ ᠣᠰᠤᠯᠳᠤᠨ᠎ᠠ

ᠮᠤᠩᠭ᠋ᠤᠯ ᠡᠴᠡ ᠴᠤ ᠡᠷᠭᠢᠮ ᠡᠭᠡ ᠣᠷᠤᠨ ᠳᠠᠭᠠᠨ ᠣᠰᠤᠯᠳᠤᠨ᠎ᠠ ᠡ︕

ᠡᠨᠡ ᠣᠰᠤᠯᠳᠤᠯ ᠢ ᠳᠠᠷᠠ ᠮᠢᠨᠢ ᠠᠭᠤᠴᠢᠯᠠᠵᠤ ᠴᠢᠳᠠᠬᠤ ᠥᠭᠡᠢ

ᠠᠭᠤᠴᠢᠯᠠᠪᠠᠯ ᠪᠢ ᠳᠡᠭᠦᠨ ᠳᠤ ᠳᠤᠷᠠᠯᠠᠵᠤ ᠴᠢᠳᠠᠬᠤ ᠦᠭᠡᠶ ᠡ︕


ᠵᠤᠬᠢᠶᠠᠭᠴᠢ ᠶᠢᠨ ᠬᠠ‍‌ᠶᠢᠭ ᠄ ᠬᠤᠤᠯᠢᠩᠭ᠋ᠤᠯ

ᠵᠤᠬᠢᠶᠠᠭᠴᠢ᠄ ᠳᠤᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 11 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ