☆ ᠯ·ᠣᠳᠤᠨ
ᠭᠡᠭᠡᠷ᠎ᠡ ᠡᠴᠡ ᠳᠡᠭᠦᠭ᠍ᠰᠡᠨ ᠨᠠᠢ᠌ᠷᠠᠭ ᠤᠨ ᠴᠥᠷᠭᠦᠯᠡᠭᠡ
ᠭᠠᠵᠠᠷ ᠳᠠᠭᠠᠭᠠᠬᠤ ᠦᠭᠡᠶ ᠭᠤᠨᠢᠭ ᠪᠣᠳᠠᠷᠭᠠᠵᠤ ᠨᠠᠪᠴᠢᠰ ᠭᠡᠢ᠌ᠰᠦᠨᠡ
ᠭᠠᠩᠳᠠᠭᠰᠠᠨ ᠪᠠᠶ᠎ᠠ ᠪᠠᠨ ᠳᠠᠯᠳᠠᠯᠠᠵᠤ ᠴᠢᠳᠠᠬᠤ ᠦᠭᠡᠶ ᠮᠤᠳᠤᠳ ᠨᠢᠴᠦᠭᠦᠷᠡᠨᠡ
ᠭᠠᠯᠵᠠᠭᠤ ᠰᠠᠯᠭᠢ ᠭᠦᠴᠤ ᠠᠪᠤᠨ ᠰᠠᠨᠠᠭ᠎ᠠ ᠪᠠᠷ ᠶᠢᠡᠨ ᠭᠦᠭᠡᠷᠭᠡᠳᠡᠨᠡ
ᠭᠠᠩᠭ᠋ᠠᠩ ᠪᠠᠢ᠌ᠭᠠᠯᠢ ᠭᠡᠨᠡᠳᠲᠡ ᠬᠤᠪᠬᠠᠢ᠌ᠷᠠᠵᠤ ᠰᠡᠳᠭᠢᠯ ᠶᠢᠡᠷ ᠣᠨᠠᠨ᠎ᠠ
ᠬᠤᠯᠠᠳᠠᠬᠤ ᠡᠴᠡ ᠪᠠᠨ ᠵᠠᠯᠬᠠᠭᠤᠷᠠᠵᠤ ᠬᠤᠳᠠ ᠶᠢᠨ ᠠᠭᠠᠷ ᠲᠤ ᠣᠳᠤᠭ᠎ᠠ ᠳᠤᠨᠤᠨ᠎ᠠ
ᠬᠤᠵᠢᠭᠳᠠᠬᠤ ᠡᠴᠡ ᠪᠠᠨ ᠠᠶᠤᠵᠤ ᠬᠤᠯᠠ ᠶᠢᠨ ᠠᠭᠤᠯᠠᠰ ᠢ ᠮᠠᠨᠠᠨ ᠪᠦᠷᠭᠦᠨ᠎ᠡ
ᠬᠤᠷᠸ᠎ᠠ ᠶᠢᠨ ᠳᠤᠭᠤᠰᠤᠨ ᠳᠤ ᠳᠠᠷᠤᠭᠳᠠᠵᠤ ᠣᠳᠤᠳ ᠊ᠭ᠍ᠬᠢᠷᠳᠦᠨᠡ
ᠬᠤᠭ ᠨᠤᠪᠰᠢᠨ ᠳᠤ ᠪᠣᠭᠢᠷᠳᠤᠵᠤ ᠪᠦᠮᠪᠦᠷᠴᠡᠭ᠌ ᠢᠯᠵᠠᠷᠠᠨ᠎ᠠ
ᠮᠦᠰᠤ ᠣᠰᠤ ᠪᠠᠨ ᠢᠳᠡᠭᠡᠵᠤ
ᠣᠰᠤ ᠮᠦᠰᠤ ᠪᠠᠨ ᠳᠤᠯᠢᠶᠠᠵᠤ ᠳᠤᠤᠷ᠎ᠠ ᠡᠴᠡ ᠨᠢ ᠢᠳᠠᠨ᠎ᠠ
ᠵᠦᠩᠳᠡᠭᠡᠨ ᠶᠠᠭᠠᠭᠢᠵᠤ ᠬᠠᠢ᠌ᠯᠤᠭᠰᠠᠨ ᠶᠢᠡᠨ ᠮᠡᠳᠡᠭᠦ ᠦᠭᠡᠶ ᠮᠦᠰᠤ ᠭᠠᠢ᠌ᠬᠠᠨ᠎ᠠ
ᠵᠥᠭᠡᠯᠡᠨ ᠨᠢ ᠬᠠᠳᠠᠭᠤ ᠪᠠᠨ ᠢᠳᠡᠳᠡᠭ᠌ ᠶᠤᠰᠤ ᠭᠡᠪ ᠶᠢᠡᠷ ᠦᠷᠭᠦᠯᠵᠢᠯᠡᠨ᠎ᠡ
ᠬᠠᠳᠠᠨ ᠤ ᠨᠦᠮᠦᠷᠢ ᠳᠤ ᠬᠠᠪᠣᠷ ᠦᠷᠭᠡᠯᠡᠵᠤ ᠡᠪᠦᠯ ᠥᠩᠭᠡᠷᠡᠭᠦ ᠶᠢ ᠭᠦᠯᠢᠶᠡᠨ᠎ᠡ
ᠬᠠᠭᠵᠠᠷᠠᠭᠰᠠᠨ ᠴᠠᠰᠤᠨ ᠤ ᠳᠤᠤᠷ᠎ᠠ ᠬᠠᠭᠳᠠ ᠠᠮᠢᠯᠠᠵᠤ ᠭᠡᠵᠢᠶ᠎ᠡ ᠨᠢᠳᠦᠯᠡᠭᠦ ᠪᠠᠨ ᠪᠣᠳᠤᠨ᠎ᠠ
ᠬᠠᠨᠢ ᠶᠢᠨ ᠳᠠᠭᠤᠤ ᠪᠠᠨ ᠳᠠᠭᠤᠯᠠᠨ ᠳᠠᠭᠤᠯᠠᠭᠰᠠᠭᠠᠷ ᠭᠠᠯᠠᠭᠤᠳ ᠢᠷᠠᠨ᠎ᠠ
ᠬᠠᠨ ᠬᠤᠷᠸ᠎ᠠ ᠨᠣᠢ᠌ᠷ ᠡᠴᠡ ᠪᠠᠨ ᠰᠠᠷᠠᠵᠤ ᠬᠠᠠᠴᠤᠨ ᠳᠤ ᠨᠢᠭᠤᠭᠰᠠᠨ ᠭᠠᠷ ᠶᠢᠡᠨ ᠭᠠᠷᠭᠠᠨ᠎ᠠ
ᠡᠯᠡᠰᠤ ᠪᠠᠢ᠌ᠭᠰᠠᠨ ᠶᠢᠡᠨ ᠰᠠᠨᠠᠵᠤ ᠡᠷᠭᠢ ᠦᠪᠡᠷ ᠶᠢᠡᠨ ᠨᠤᠷᠠᠨ᠎ᠠ
ᠡᠯᠡᠭ᠌ ᠪᠠᠷᠢᠵᠤ ᠬᠤᠯᠤᠭᠠᠨ᠎ᠠ ᠢᠷᠤᠭᠠᠷ ᠡᠴᠡ ᠨᠢ ᠭᠦᠡᠳᠡᠢ᠌ᠯᠡᠨᠡ
ᠡᠮᠳᠡᠷᠭᠡᠢ ᠵᠠᠶᠠᠭ᠎ᠠ ᠪᠠᠶ᠎ᠠ ᠳᠡᠭᠡᠨ ᠭᠤᠮᠤᠳᠠᠵᠤ ᠵᠢᠪᠠᠷ ᠲᠤ ᠢᠳᠡᠭ᠍ᠳᠡᠨᠡ
ᠡᠮᠵᠡᠭ᠌ ᠶᠢᠡᠨ ᠥᠵᠡᠭᠦ ᠦᠭᠡᠶ ᠥᠭᠡᠭᠦᠨ ᠨᠢᠳᠤ ᠳᠡᠭᠡᠭᠦᠷ ᠥᠩᠭᠡᠯᠵᠡᠨᠡ
ᠴᠡᠴᠡᠭ᠌ ᠤᠨ ᠰᠠᠢ᠌ᠬᠠᠨ ᠳᠤ ᠳᠤᠷᠠᠯᠠᠵᠤ ᠡᠷᠪᠭᠡᠢ ᠨᠢᠰᠴᠤ ᠪᠠᠭᠤᠨ᠎ᠠ
ᠴᠡᠪᠠᠷᠭᠡᠨ ᠪᠠᠶ᠎ᠠ ᠪᠠᠨ ᠭᠡᠭᠡᠵᠤ ᠴᠡᠴᠡᠭ᠌ ᠭᠡᠨᠡᠳᠲᠡ ᠵᠤᠯᠭᠠᠷᠠᠨ᠎ᠠ
ᠴᠡᠯᠭᠡᠷᠡᠵᠤ ᠴᠢᠳᠠᠭᠰᠠᠨ ᠦᠭᠡᠶ ᠬᠠᠢ᠌ᠷ᠎ᠠ ᠭᠢᠷᠡᠭᠤ ᠳᠤ ᠪᠣᠭᠤᠷᠤᠯᠳᠤᠨᠠ
ᠴᠡᠭᠡᠵᠢᠨ ᠳᠡᠭᠡᠨ ᠪᠠᠭᠳᠠᠬᠤ ᠦᠭᠡᠶ ᠪᠠᠷᠳᠠᠮ ᠰᠠᠨᠠᠭ᠎ᠠ ᠭᠡᠭᠡᠷ᠎ᠡ ᠬᠠᠳᠠᠨ᠎ᠠ
ᠭᠠᠯ ᠤᠨ ᠢᠯᠴᠢᠨ ᠡᠴᠡ ᠦᠷᠭᠦᠵᠤ ᠭᠦᠢᠳᠡᠨ ᠭᠠᠳᠠᠨ᠎ᠠ ᠬᠤᠨᠤᠨ᠎ᠠ
ᠭᠠᠳᠠᠨ᠎ᠠ ᠶᠢᠨ ᠭᠦᠢᠳᠡᠨ ᠡᠴᠡ ᠵᠢᠭᠤᠳᠠᠵᠤ ᠢᠯᠴᠢ ᠭᠦᠡᠵᠢᠯᠡ ᠳᠤ ᠰᠢᠷᠭᠤᠨ᠎ᠠ
ᠭᠠᠴᠢᠭᠳᠠᠪᠠᠴᠤ ᠦᠷᠡᠭ᠍ᠳᠡᠭᠦ ᠦᠭᠡᠶ ᠳᠤᠳᠤᠷ ᠳᠠᠮᠢᠷ ᠬᠠᠯᠠ ᠳᠠᠭᠠᠭᠠᠨ᠎ᠠ
ᠭᠠᠷ ᠮᠤᠬᠤᠷᠳᠠᠬᠤ ᠳᠠᠭᠠᠨ ᠨᠦᠮᠦᠷᠢ ᠡᠷᠢᠳᠡᠭ᠌ ᠦᠯᠦᠨ ᠰᠢᠨᠤᠯ ᠨᠢᠭᠤᠷ ᠪᠠᠷᠠᠨ᠎ᠠ
2009 ᠣᠨ ᠤ 10 ᠰᠠᠷ᠎ᠠ ᠶᠢᠨ 17-18 ᠳᠤ ᠪᠢᠴᠢᠪᠠ
ᠬᠠᠶᠢᠭ᠄ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠪᠦᠷᠢᠨ ᠪᠠᠭ᠎ᠠ ᠰᠤᠷᠭᠠᠭᠤᠯᠢ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ