☆ ᠬᠠᠰᠭᠢᠷᠤᠯ
ᠴᠢᠯᠠᠭᠤᠳ ᠣᠭᠢᠯᠠᠨ᠎ᠠ
ᠣᠰᠤᠨ ᠤ ᠳᠤᠮᠳᠠ ᠴᠠᠢ᠌ᠯᠵᠠᠨ
ᠴᠢᠯᠠᠭᠤᠳ ᠣᠭᠢᠯᠠᠨ᠎ᠠ
ᠣᠷᠠᠨ ᠳᠤᠩᠭᠠᠯᠠᠭ ᠭᠡᠭᠡ ᠳᠤ ᠨᠢ ᠵᠢᠷᠤᠭᠳᠠᠨ
ᠣᠶᠠᠬᠠᠨ ᠭᠡᠯᠪᠠᠯᠵᠡᠵᠤ ᠣᠭᠢᠯᠠᠨ᠎ᠠ
ᠨᠠᠷᠠ ᠠᠰᠬᠠᠷᠠᠭᠰᠠᠨ ᠭᠤᠤᠯ ᠤᠨ ᠴᠡᠭᠡᠵᠢᠨ ᠳ᠋ᠤ
ᠨᠠᠮᠠᠭᠤᠬᠠᠨ ᠴᠢᠯᠠᠭᠤᠳ ᠣᠭᠢᠯᠠᠨ᠎ᠠ
ᠨᠠᠰᠤ ᠵᠢᠯ ᠢ ᠠᠷᠭᠠᠳᠠᠨ
ᠳᠤᠨᠤᠷᠠᠨ ᠡᠯᠡᠵᠤ ᠣᠭᠢᠯᠠᠨ᠎ᠠ
ᠮᠠᠨᠠᠨ ᠴᠠᠭᠠᠨ ᠴᠢᠯᠠᠭᠤᠳ
ᠮᠡᠭ᠍ᠰᠢᠨ ᠣᠭᠢᠯᠠᠨ᠎ᠠ
ᠮᠠᠠᠳᠤ ᠶᠢᠨ ᠴᠠᠭᠠᠨ ᠬᠠᠳᠠᠭ ᠰᠢᠭ
ᠮᠠᠯᠮᠠᠷᠠᠨ ᠣᠶᠠᠰᠴᠤ ᠣᠭᠢᠯᠠᠨ᠎ᠠ
ᠭᠦᠮᠤᠨ ᠤ ᠵᠤᠪᠠᠯᠠᠩ ᠰᠢᠩᠭᠡᠭ᠍ᠰᠡᠨ
ᠭᠦᠡᠳᠡᠢ ᠭᠤᠪᠢ ᠶᠢ ᠳᠠᠷᠠᠯᠠᠵᠤ
ᠭᠡᠨ ᠴᠤ ᠮᠡᠳᠡᠭᠦ ᠦᠭᠡᠶ ᠰᠠᠪ ᠰᠡᠮᠡᠭᠡᠨ
ᠭᠦᠭᠡ ᠴᠢᠯᠠᠭᠤᠳ ᠠᠰᠬᠠᠷᠠᠨ ᠣᠭᠢᠯᠠᠨ᠎ᠠ
ᠰᠠᠷᠠᠨ ᠤ ᠳᠤᠭᠤᠰᠤᠨ ᠳ᠋ᠤ
ᠴᠢᠯᠠᠭᠤᠳ ᠣᠭᠢᠯᠠᠨ᠎ᠠ
ᠰᠠᠨᠠᠭᠠᠨ ᠡᠴᠠ ᠪᠠᠨ ᠳᠠᠯᠳᠠᠭᠤᠷ
ᠰᠠᠮᠠᠷᠠᠨ ᠣᠭᠢᠯᠠᠨ᠎ᠠ
ᠰᠠᠯᠬᠤ ᠰᠠᠨᠠᠬᠤ ᠶᠢᠨ ᠬᠤᠭᠤᠷᠤᠠᠳᠤ
ᠰᠠᠯᠪᠠᠷᠠᠨ ᠣᠭᠢᠯᠠᠨ᠎ᠠ
ᠴᠢᠯᠠᠭᠤᠳ ᠣᠭᠢᠯᠠᠨ᠎ᠠ ᠁
ᠭᠦᠭᠡ ᠳᠡᠭ᠍ᠷᠢ ᠶᠢ ᠰᠢᠷᠳᠠᠨ
ᠭᠦᠰᠢᠳᠡᠯ᠎ᠡ ᠬᠠᠷᠠᠰᠠᠨ ᠣᠭᠢᠯᠠᠨ᠎ᠠ
ᠭᠦᠮᠤᠨ ᠤ ᠵᠠᠶᠠᠭ᠎ᠠ ᠳᠠᠭᠤᠷᠢᠶᠠᠨ
ᠭᠦᠭᠡᠷᠡᠳᠡᠯᠡ ᠭᠠᠰᠢᠭᠤᠳᠠᠨ ᠣᠭᠢᠯᠠᠨ᠎ᠠ
ᠬᠠᠷ᠎ᠠ ᠴᠠᠭᠠᠨ ᠢ ᠢᠯᠭᠠᠬᠤ ᠥᠭᠡᠢ
ᠬᠠᠪ ᠬᠠᠳᠠᠭᠤ ᠣᠭᠢᠯᠠᠨ᠎ᠠ
ᠬᠠᠷᠠᠩᠭᠤᠢ ᠰᠠᠯᠭᠢᠨ ᠳᠤ ᠪᠣᠯᠠᠭᠳᠠᠨ
ᠬᠠᠷ᠎ᠠ ᠳᠠᠷᠤᠵᠤ ᠣᠭᠢᠯᠠᠨ᠎ᠠ
ᠴᠢᠯᠠᠭᠤᠳ ᠣᠭᠢᠯᠠᠨ᠎ᠠ ᠁
ᠵᠤᠬᠢᠶᠠᠭᠴᠢ ᠶᠢᠨ ᠬᠠᠶᠢᠭ ᠄ ᠳᠡᠯᠡᠭᠡᠢ ᠬᠤᠳᠠ
ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ