ᠨᠡᠪᠲᠡᠷᠡᠨ ᠤᠷᠤᠬᠤ
ᠬᠤᠭᠤᠰᠤᠨ ᠠᠶᠠᠨ

ᠥᠷᠯᠦᠭᠡ ᠶᠢᠨ ᠰᠢᠭᠦᠳᠡᠷᠢ ᠪᠠᠷ

ᠨᠠᠷᠠᠨ ᠳᠠᠭᠠᠨ ᠮᠡᠯᠳᠡᠭᠡᠨᠡᠭᠦ

ᠡᠪᠠᠰᠤᠨ ᠳᠤᠯᠤᠭᠠᠢ ᠳ᠋ᠤ

ᠦᠰᠪᠦᠷᠢ ᠶᠢᠨ ᠵᠢᠭᠠᠯ ᠊ᠤᠨ

ᠠᠯᠢᠶ᠎ᠠ ᠭᠡᠰᠭᠢᠭᠡᠨ ᠳ᠋ᠤ

ᠦᠷᠦᠴᠠ ᠵᠥᠭᠡᠯᠡᠨ ᠳᠠᠯ᠎ᠠ ᠳ᠋ᠠᠭᠠᠨ

ᠡᠨᠡ ᠪᠣᠯ ᠮᠢᠨᠤ ᠨᠤᠳᠤᠭ ᠭᠡᠵᠤ

ᠡᠷᠭᠡᠯᠡᠨ ᠳᠤᠭᠯᠠᠭᠰᠠᠨ

ᠣᠨᠠᠭᠠᠨ ᠨᠠᠰᠤ ᠪᠠᠨ ᠬᠠᠶᠠᠵᠤ

ᠡᠷᠢᠶᠡᠨ ᠬᠤᠷᠸ᠎ᠠ ᠵᠢᠨ

ᠠᠮᠢᠳᠤᠷᠠᠯ ᠭᠡᠭ᠍ᠴᠢ

ᠪᠣᠳᠤᠭᠳᠤ ᠣᠰᠤᠨ ᠳᠤ ᠱᠤᠩᠪᠠᠳᠠᠭ᠃

ᠥᠷᠳᠡᠭᠡ ᠪᠣᠯᠤᠭᠰᠠᠨ

ᠡ᠊ᠨᠳᠡᠭᠢ ᠡᠷᠭᠢ ᠡᠴᠠ

ᠠᠮᠢ ᠪᠠᠨ ᠡᠯᠡᠭᠡᠵᠤ ᠡᠭᠢᠯᠡᠳᠡᠭ᠌

ᠡᠨᠡᠭᠡᠨ ᠳᠡᠯᠡᠭᠡᠢ ᠭᠡᠭᠦ

ᠳᠤᠮᠤᠬᠠᠨ ᠣᠰᠤᠨ ᠳ᠋ᠤ

ᠭᠦᠰᠡᠯ ᠣᠨᠤᠵᠤ ᠣᠮᠪᠠᠳᠠᠭ

ᠳᠡᠷᠳᠡᠭᠡ ᠡᠷᠭᠢ ᠵᠢᠨ

ᠥᠩᠭᠡ ᠦᠵᠡᠮᠵᠢ ᠵᠢ

ᠭᠦᠭᠡᠴᠡᠯᠳᠤᠨ ᠣᠮᠪᠠᠭᠰᠠᠭᠠᠷ

ᠳᠡᠷᠭᠡᠳᠡ ᠨᠢ ᠳᠤᠯᠬᠤ ᠳ᠋ᠤ

ᠭᠡᠨᠡᠳᠲᠡ ᠣᠬᠠᠭᠠᠷᠠᠭᠠᠤᠨ

ᠣᠭᠢᠯᠠᠳᠠᠭ ᠬᠤᠷᠸ᠎ᠠ᠃

ᠣᠮᠪᠠᠵᠤ ᠶᠠᠪᠣᠭᠰᠠᠨ ᠣᠯᠠ ᠮᠦᠷ ᠨᠢ

ᠭᠠᠭᠴᠠ ᠴᠢᠭᠯᠡᠯ ᠳᠠᠢ

ᠣᠨ ᠵᠢᠯ ᠤᠨ ᠮᠤᠠᠳᠠᠭ ᠭᠦᠷᠳᠤᠨ ᠳ᠋ᠤ

ᠣᠷᠤ ᠮᠦᠷ ᠦᠭᠡᠶ ᠵᠠᠮᠬᠠᠷᠠᠳᠠᠭ

ᠣᠯᠤᠭᠰᠠᠨ ᠠᠯᠳᠠᠭᠰᠠᠨ ᠶᠢᠡᠨ ᠠᠯᠢ ᠨᠢᠭᠡ ᠪᠠᠨ ᠴᠤ

ᠡᠪᠦᠷᠯᠡᠵᠤ ᠣᠤᠠᠬᠤ ᠳᠤ ᠭᠦᠴᠢᠷ

ᠢᠷᠡᠭᠦ ᠳᠡᠭᠡᠨ ᠬᠤᠭᠤᠰᠤᠨ

ᠪᠣᠴᠠᠬᠤ ᠳᠠᠭᠠᠨ ᠴᠤ ᠬᠤᠭᠤᠰᠤᠨ

ᠨᠢᠴᠦᠭᠦᠨ ᠠᠶᠠᠨ︕


ᠵᠤᠬᠢᠶᠠᠭᠴᠢ ᠶᠢᠨ ᠬᠠᠶ‍ᠢᠭ ᠄ ᠲᠦᠩᠯᠢᠶᠤᠤ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠢᠯᠠᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2009 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ