ᠨᠡᠪᠲᠡᠷᠡᠨ ᠤᠷᠤᠬᠤ
ᠴᠢᠩᠭᠢᠰ ᠤᠨ ᠤᠩᠭᠤᠨ ᠰᠢᠳᠦᠭᠡᠨ ᠢ ᠬᠠᠮᠠᠭᠠᠯᠠᠵᠤ ᠲᠠᠢ᠌ᠵᠤ ᠲᠠᠬᠢᠳᠠᠭ ᠳᠠᠷᠬᠠᠳ ᠬᠦᠮᠦᠰ

ᠴᠢᠩᠭᠢᠰ ᠤᠨ ᠣᠩᠭ᠋ᠤᠨ ᠪᠣᠯ ᠦᠪᠣᠷ ᠮᠤᠩᠭ᠋ᠤᠯ ᠤᠨ ᠨᠢᠭᠡ ᠳᠣᠢ᠌ᠯ ᠤᠨ ᠣᠠᠴᠠᠯᠢᠭ ᠲᠡᠶ ᠵᠢᠭᠤᠯᠴᠢᠯᠠᠯ ᠤᠨ ᠣᠷᠤᠨ ᠪᠣᠯᠤᠨ᠎ᠠ᠃ ᠴᠢᠩᠭᠢᠰ ᠤᠨ ᠣᠩᠭ᠋ᠤᠨ ᠳᠤ ᠵᠢᠭᠤᠯᠴᠢᠯᠠᠬᠤ ᠳᠤ ᠡᠷᠭᠡᠪᠰᠢ ᠡ᠊ᠨᠳᠡᠭᠢ ᠦᠪᠡᠷᠮᠢᠴᠠ ᠣᠠᠴᠠᠯᠢᠭ ᠲᠡᠶ ᠳᠠᠭᠢᠯᠭ᠎ᠠ ᠶᠢᠨ ᠰᠤᠶᠤᠯ ᠪᠠ ᠣᠩᠭ᠋ᠤᠨ ᠰᠠᠭᠢᠭᠴᠢ ᠳᠠᠷᠬᠠᠤᠨ ᠤᠨ ᠰᠤᠶᠤᠯ ᠢ ᠣᠢ᠌ᠯᠠᠭᠠᠬᠤ ᠭᠡᠷᠡᠭ᠍ᠳᠡᠢ᠃

ᠴᠢᠩᠭᠢᠰ ᠤᠨ ᠣᠩᠭ᠋ᠤᠨ ᠢ ᠠᠩᠬᠠᠨ ᠳᠠᠭᠠᠨ 《ᠴᠢᠩᠭᠢᠰ ᠬᠠᠭᠠᠨ ᠤ ᠨᠢ᠋ᠮᠠᠨ ᠴᠠᠭᠠᠨ ᠣᠷᠳᠤᠨ》 ᠭᠡᠵᠤ ᠨᠠᠷᠠᠯᠠᠵᠤ ᠪᠠᠢ᠌ᠪᠠ᠃ ᠴᠢᠩᠭᠢᠰ ᠤᠨ ᠨᠢ᠋ᠮᠠᠨ ᠴᠠᠭᠠᠨ ᠣᠷᠳᠤᠨ ᠪᠠ ᠪᠣᠰᠤᠳ ᠣᠯᠠᠨ ᠰᠢᠳᠦᠭᠡᠨ ᠢ ᠰᠢᠳᠤᠵᠤ ᠪᠠᠢ᠌ᠳᠠᠭ 《ᠳᠠᠷᠬᠠᠤᠨ》 ᠭᠡᠳᠡᠭ᠌ ᠨᠢᠭᠡ ᠪᠦᠯᠦᠭ᠌ ᠭᠦᠮᠦᠰ ᠪᠠᠢ᠌ᠳᠠᠭ᠃ 《ᠳᠠᠷᠬᠠᠤᠨ》 ᠭᠡᠳᠡᠭ᠌ ᠨᠢ ᠳᠠᠷᠬᠠᠨ ᠭᠡᠳᠡᠭ᠌ ᠥᠭᠡ ᠡᠴᠠ ᠢᠷᠠᠯᠳᠠ ᠲᠡᠶ᠃ ᠳᠠᠷᠬᠠᠨ ᠤ ᠥᠭᠡ ᠶᠢᠨ ᠣᠤᠠᠬ᠎ᠠ ᠨᠢ ᠠᠷᠢᠭᠤᠨ ᠳᠠᠷᠬᠠᠨ᠂ 《ᠳᠠᠷᠬᠠᠤᠨ》 ᠪᠣᠯ ᠳᠠᠷᠬᠠᠨ ᠤ ᠣᠯᠠᠨ ᠳᠤᠭᠠᠨ ᠤ ᠭᠡᠯᠪᠠᠷᠢ᠂ ᠳᠠᠷᠤᠢ ᠠᠷᠢᠭᠤᠨ ᠳᠠᠷᠬᠠᠨ ᠡᠭᠦᠷᠭᠡ ᠶᠢ ᠭᠦᠢᠴᠡᠳᠭᠡᠭ᠍ᠴᠢ ᠭᠡᠭᠦ ᠣᠤᠠᠬ᠎ᠠ ᠲᠡᠶ᠃ ᠴᠢᠩᠭᠢᠰ ᠤᠨ ᠨᠢ᠋ᠮᠠᠨ ᠴᠠᠭᠠᠨ ᠣᠷᠳᠤᠨ ᠪᠠᠢ᠌ᠭᠤᠯᠤᠭᠳᠠᠭᠰᠠᠨ ᠤ ᠳᠠᠷᠠᠭ᠎ᠠ᠂ ᠣᠷᠳᠤᠰ ᠠᠢ᠌ᠮᠠᠭ ᠤᠨ ᠳᠤᠳᠤᠷᠠᠭᠢ ᠨᠢᠭᠡ ᠪᠦᠯᠦᠭ᠌ ᠭᠦᠮᠦᠰ ᠡᠯ᠎ᠡ ᠣᠪᠣᠭ ᠠᠢ᠌ᠮᠠᠭ ᠶᠢᠡᠨ ᠳᠦᠯᠦᠭᠡᠯᠡᠨ᠂ ᠨᠢ᠋ᠮᠠᠨ ᠴᠠᠭᠠᠨ ᠣᠷᠳᠤᠨ ᠤ ᠡᠮᠤᠨ᠎ᠡ ᠰᠠᠭᠢᠬᠤ᠂ ᠳᠠᠭᠢᠬᠤ᠂ ᠬᠠᠮᠢᠶᠠᠷᠬᠤ ᠪᠠ ᠰᠢᠯᠵᠢᠭᠦᠯᠭᠦ ᠵᠡᠷᠭᠡ ᠪᠣᠳᠠᠳᠠᠢ ᠠᠵᠢᠯ ᠢ ᠡᠭᠦᠷᠭᠡᠯᠡᠵᠤ ᠪᠠᠢ᠌ᠵᠠᠢ᠃ ᠳᠤᠬᠠᠢ ᠶᠢᠨ ᠦᠶᠡᠰ ᠶᠡᠭᠡ ᠮᠤᠩᠭ᠋ᠤᠯ ᠬᠠᠭᠠᠠᠳᠤ ᠣᠯᠤᠰ ᠡᠴᠠ ᠡᠳᠡᠭᠡᠷ ᠭᠦᠮᠦᠰ ᠲᠤ 《ᠴᠡᠷᠢᠭ᠌ ᠤᠨ ᠠᠯᠪᠠ ᠬᠠᠭᠠᠬᠤ ᠦᠭᠡᠶ᠂ ᠭᠠᠢ᠌ᠯᠢ ᠭᠤᠪᠴᠢᠭᠤᠷ ᠳᠤᠰᠢᠶᠠᠬᠤ ᠦᠭᠡᠶ》 ᠣᠠᠴᠠᠭᠠᠢ ᠡᠷᠭᠡ ᠭᠦᠷᠳᠡᠭᠡᠵᠤ ᠣᠠᠴᠠᠭᠠᠢ᠌ᠯᠠᠨ ᠴᠢᠩᠭᠢᠰ ᠤᠨ ᠣᠩᠭ᠋ᠤᠨ ᠰᠢᠳᠦᠭᠡᠨ ᠢ ᠰᠠᠭᠢᠭᠤᠯᠵᠠᠢ᠃ ᠰᠡᠭᠦᠯᠡᠷ ᠨᠢ᠂ ᠡᠨᠡ ᠪᠦᠯᠦᠭ᠌ ᠭᠦᠮᠦᠰ ᠣᠩᠭ᠋ᠤᠨ ᠰᠠᠭᠢᠭᠴᠢ ᠊᠊᠊᠊᠊᠊᠊᠊᠊᠊᠊᠊᠊᠊᠊ ᠳᠠᠷᠬᠠᠤᠨ ᠪᠣᠯᠤᠨ ᠣᠯᠠᠷᠢᠨ ᠬᠤᠪᠢᠷᠠᠵᠠᠢ᠃

ᠴᠢᠩᠭᠢᠰ ᠤᠨ ᠨᠢ᠋ᠮᠠᠨ ᠴᠠᠭᠠᠨ ᠣᠷᠳᠤᠨ ᠤ ᠳᠠᠭᠢᠯᠭ᠎ᠠ ᠵᠢᠴᠢ ᠪᠣᠰᠤᠳ ᠵᠠᠩ ᠣᠢ᠌ᠯᠠ ᠨᠢ ᠪᠠᠯᠠᠷᠯᠢᠭ ᠪᠦᠭᠡ ᠶᠢᠨ ᠱᠠᠰᠢᠨ ᠡᠴᠠ ᠢᠷᠠᠯᠳᠠ ᠲᠡᠶ᠃ ᠪᠦᠭᠡ ᠶᠢᠨ ᠱᠠᠰᠢᠨ ᠨᠢ ᠶᠠᠷᠠ ᠶ‍ᠢᠰᠤᠨ ᠳᠡᠭ᠍ᠷᠢ ᠶᠢ ᠵᠡᠭᠦᠨ ᠳᠦᠴᠢᠨ ᠳᠦᠷᠪᠡᠨ ᠳᠡᠭ᠍ᠷᠢ ᠪᠠ ᠪᠠᠷᠠᠭᠤᠨ ᠳᠠᠪᠢᠨ ᠳᠠᠪᠤᠨ ᠳᠡᠭ᠍ᠷᠢ ᠭᠡᠵᠤ ᠬᠤᠪᠢᠶᠠᠳᠠᠭ᠃ ᠪᠦᠭᠡ ᠶᠢᠨ ᠱᠠᠰᠢᠨ ᠢ ᠰᠢᠳᠦᠳᠡᠭ᠌ ᠭᠦᠮᠦᠰ ᠤᠨ ᠥᠵᠡᠭᠦ ᠪᠠᠷ ᠳᠡᠭ᠍ᠷᠢ ᠳᠠᠭᠢᠪᠠᠯ ᠳᠡᠭ᠍ᠷᠢ ᠭᠦᠮᠤᠨ ᠤ ᠶ‍ᠢᠷᠳᠢᠠᠴᠤ ᠶᠢ ᠳᠤᠰᠠᠯᠠᠵᠤ ᠳᠡᠮᠵᠢᠳᠡᠭ᠌᠃ ᠪᠦᠭᠡ ᠶᠢᠨ ᠱᠠᠰᠢᠨ ᠢ ᠰᠢᠳᠦᠭ᠍ᠴᠢ ᠮᠤᠩᠭ᠋ᠤᠯᠴᠤᠳ ᠳᠡᠭ᠍ᠷᠢ᠂ ᠣᠭᠳᠠᠷᠭᠤᠢ᠂ ᠡᠭᠡ ᠳᠡᠯᠡᠭᠡᠢ ᠪᠣᠯᠤᠨ ᠠᠯᠢᠪᠠ ᠪᠠᠢ᠌ᠭᠠᠯᠢ ᠶ‍ᠢᠷᠳᠢᠠᠴᠤ ᠶᠢᠨ ᠥᠵᠡᠭ᠍ᠳᠡᠯ ᠢ ᠴᠦᠮ ᠰᠦᠨᠠᠰᠤ ᠲᠡᠶ ᠭᠡᠵᠤ ᠥᠵᠡᠳᠡᠭ᠌᠃ ᠳᠠᠳᠠ ᠢᠮᠠᠭᠳᠠ ᠶᠠᠷᠠ ᠶ‍ᠢᠰᠤᠨ ᠳᠡᠭ᠍ᠷᠢ ᠵᠢᠴᠢ ᠨᠠᠷᠠ᠂ ᠰᠠᠷᠠ᠂ ᠣᠳᠤ᠂ ᠠᠭᠤᠯᠠ ᠣᠰᠤ ᠶᠢ ᠳᠠᠭᠢᠳᠠᠭ᠃ ᠡᠭᠦᠨ ᠤ ᠬᠠᠮᠳᠤ᠂ ᠳᠠᠳᠠ ᠴᠢᠩᠭᠢᠰ ᠬᠠᠭᠠᠨ ᠢ ᠳᠡᠭᠡᠳᠤ ᠳᠡᠭ᠍ᠷᠢ ᠡᠴᠠ ᠵᠠᠶᠠᠭᠠᠭᠰᠠᠨ ᠰᠢᠳᠦᠭᠡᠨ᠂ ᠳᠡᠭᠡᠳᠤ ᠳᠡᠭ᠍ᠷᠢ ᠲᠡᠶ ᠴᠠᠭ ᠢᠮᠠᠭᠳᠠ ᠬᠠᠮᠳᠤ ᠣᠷᠤᠰᠢᠳᠠᠭ ᠭᠡᠵᠤ ᠢᠳᠡᠭᠡᠳᠡᠭ᠌᠃ ᠡᠭᠦᠨ ᠡᠴᠠ ᠴᠢᠩᠭᠢᠰ ᠬᠠᠭᠠᠨ ᠢ ᠰᠢᠳᠦᠭᠦ ᠪᠠᠷ ᠭᠤᠤᠯ ᠪᠣᠯᠭᠠᠭᠰᠠᠨ ᠦᠪᠡᠷᠮᠢᠴᠠ ᠣᠠᠴᠠᠯᠢᠭ ᠲᠡᠶ ᠵᠠᠩ ᠣᠢ᠌ᠯᠠ ᠪᠦᠷᠢᠯᠳᠦᠭ᠍ᠰᠡᠨ ᠪᠠᠢ᠌ᠨ᠎ᠠ᠃

ᠪᠦᠭᠡ ᠶᠢᠨ ᠱᠠᠰᠢᠨ ᠢ ᠰᠢᠳᠦᠭ᠍ᠴᠢ ᠮᠤᠩᠭ᠋ᠤᠯᠴᠤᠳ ᠦᠪᠡᠷ ᠢ ᠪᠠᠨ ᠴᠠᠭ ᠢᠮᠠᠭᠳᠠ 《ᠪᠣᠭᠳᠠ ᠡᠵᠡᠨ ᠤ ᠰᠢᠳᠠᠷ ᠬᠠᠮᠠᠭᠠᠯᠠᠭᠴᠢ》 ᠭᠡᠵᠤ ᠦᠵᠡᠵᠤ᠂ ᠭᠦᠤ ᠲᠡᠶ ᠪᠣᠯᠪᠠᠯ ᠭᠡᠷ ᠤᠨ ᠡᠭᠦᠳᠡᠨ ᠤ ᠪᠠᠨ ᠡᠮᠤᠨ᠎ᠡ ᠰᠠᠭᠠᠳᠠᠭ ᠡᠯᠭᠦᠵᠤ᠂ ᠰᠠᠢ᠌ᠨ ᠰᠠᠢ᠌ᠬᠠᠨ ᠢ ᠢᠷᠦᠭᠡᠳᠡᠭ᠌ ᠮᠥᠷᠳᠡᠭᠡᠨ ᠡᠭᠦᠳᠡᠨ ᠤ ᠡᠮᠤᠨ᠎ᠡ 《ᠭᠡᠢ ᠮᠤᠷᠢ》 ᠪᠣᠰᠬᠠᠬᠤ ᠳᠤ ᠶᠡᠷᠦᠳᠡᠭᠡᠨ ᠬᠤᠶᠠᠷ ᠪᠠᠭᠠᠨ᠎ᠠ ᠪᠣᠰᠬᠠᠵᠤ᠂ ᠪᠠᠷᠠᠭᠤᠨ ᠶᠢᠡᠷ ᠨᠢ ᠴᠢᠩᠭᠢᠰ ᠬᠠᠭᠠᠨ ᠤ ᠰᠦᠯᠳᠡ ᠶᠢ ᠪᠠᠯᠭᠡᠳᠡᠨ᠂ ᠵᠡᠭᠦᠨ ᠶᠢᠡᠷ ᠨᠢ ᠴᠢᠩᠭᠢᠰ ᠢ ᠰᠠᠭᠢᠭᠴᠢ 《ᠰᠢᠳᠠᠷ ᠬᠠᠮᠠᠭᠠᠯᠠᠭᠴᠢ》 ᠶᠢ ᠳᠦᠯᠦᠭᠡᠯᠡᠳᠡᠭ᠌᠃ ᠡᠭᠦᠨ ᠡᠴᠠ ᠭᠠᠳᠠᠨ᠎ᠠ ᠡᠮᠡᠭ᠍ᠳᠡᠢ᠌ᠴᠦᠳ ᠰᠥ᠋ ᠰᠠᠭᠠᠯᠢ ᠪᠠᠷᠢᠬᠤ ᠳᠠᠭᠠᠨ ᠣᠷᠢᠳᠠᠪᠠᠷ ᠳᠡᠭᠡᠳᠤ ᠳᠡᠭ᠍ᠷᠢ ᠪᠠ ᠪᠣᠭᠳᠠ ᠡᠵᠡᠨ ᠳᠡᠭᠡᠨ ᠰᠠᠴᠤᠯᠢ ᠡᠷᠭᠦᠳᠡᠭ᠌᠃ ᠭᠦᠮᠦᠰ ᠰᠢᠨ᠎ᠡ ᠢᠰᠡᠭᠡᠢ ᠭᠢᠭᠦ ᠳᠡᠭᠡᠨ ᠮᠦᠨ ᠴᠤ ᠴᠢᠩᠭᠢᠰ ᠬᠠᠭᠠᠨ ᠢ ᠢᠷᠦᠭᠡᠳᠡᠭ᠌᠂ ᠬᠤᠭᠤᠯᠠ ᠢᠳᠡᠭᠡᠨ ᠭᠦᠷᠳᠡᠭᠦ ᠳᠡᠭᠡᠨ 《ᠪᠣᠭᠳᠠ ᠡᠵᠡᠨ ᠤ ᠢᠪᠠᠭᠡᠯ》 ᠭᠡᠵᠤ ᠳᠡᠭ᠍ᠷᠢ ᠭᠠᠵᠠᠷ ᠲᠤ ᠰᠠᠴᠤᠭᠠᠤᠨ ᠭᠦᠷᠳᠡᠳᠡᠭ᠌᠂ ᠪᠠᠷᠢᠭᠰᠠᠨ ᠠᠷᠢᠭᠢ ᠶᠢ ᠳᠤᠰᠬᠤ ᠳᠠᠭᠠᠨ ᠴᠤ ᠢᠳᠠᠮ ᠬᠤᠷᠤᠭᠤ ᠪᠠᠷ ᠶᠢᠡᠨ ᠳᠡᠭᠡᠳᠤ ᠳᠡᠭ᠍ᠷᠢ ᠵᠢᠴᠢ ᠴᠢᠩᠭᠢᠰ ᠬᠠᠭᠠᠨ ᠳᠠᠭᠠᠨ ᠡᠷᠭᠦᠭᠡᠤᠨ ᠰᠠ‍‌ᠶᠢ ᠥᠪᠠᠷᠳᠡᠭᠡᠨ ᠣᠤᠭᠤᠳᠠᠭ᠃

ᠳᠠᠷᠬᠠᠤᠠᠴᠤᠳ ᠥᠷᠯᠦᠭᠡ ᠪᠦᠷᠢ ᠭᠡᠢ᠌ᠮᠦᠷᠢ ᠶᠢᠨ ᠡᠮᠤᠨ᠎ᠡ ᠠᠷᠴᠠ ᠭᠦᠵᠢ ᠠᠰᠠᠭᠠᠬᠤ ᠶᠤᠰᠤᠯᠠᠯ ᠶᠠᠪᠣᠭᠤᠯᠵᠤ᠂ 《ᠡᠵᠡᠨ ᠰᠠᠩ》᠂ 《ᠰᠦᠯᠳᠡ ᠶᠢᠨ ᠰᠠᠩ》 ᠣᠩᠰᠢᠵᠤ᠂ ᠴᠢᠩᠭᠢᠰ ᠬᠠᠭᠠᠨ ᠳᠠᠭᠠᠨ ᠳᠠᠭᠠᠤᠠᠬᠠᠳᠠᠭ᠃

ᠥᠩᠭᠡᠷᠡᠭ᠍ᠰᠡᠨ ᠤ ᠣᠷᠳᠤ ᠣᠳᠠᠭᠠᠨ ᠡᠳᠦᠷ ᠬᠤᠨᠤᠭ ᠲᠤ᠂ ᠳᠠᠷᠬᠠᠤᠨ ᠴᠢᠩᠭᠢᠰ ᠬᠠᠭᠠᠨ ᠤ ᠨᠢ᠋ᠮᠠᠨ ᠴᠠᠭᠠᠨ ᠣᠷᠳᠤᠨ ᠪᠣᠯᠤᠨ ᠪᠣᠰᠤᠳ ᠣᠩᠭ᠋ᠤᠨ ᠰᠢᠳᠦᠭᠡᠨ ᠢ ᠬᠠᠮᠠᠭᠠᠯᠠᠵᠤ ᠳᠠᠢ᠌ᠯᠭ᠎ᠠ ᠳᠠᠭᠢᠯᠭ᠎ᠠ ᠡᠷᠭᠦᠭᠦ ᠳᠤ ᠣᠯᠠᠨ ᠣᠳᠠᠭᠠᠨ ᠤ ᠭᠦᠴᠢᠷ ᠪᠠᠷᠭᠡᠰᠢᠶᠡᠯ ᠢ ᠳᠤᠭᠤᠯᠵᠤ ᠥᠩᠭᠡᠷᠡᠭᠦᠯᠵᠡᠢ᠃ ᠭᠡᠪᠠᠴᠤ ᠭᠡᠴᠢᠨᠡᠨ ᠣᠯᠠᠨ ᠭᠦᠴᠢᠷ ᠪᠠᠷᠭᠡᠰᠢᠶᠡᠯ ᠢ ᠳᠤᠭᠤᠯᠤᠭᠰᠠᠨ ᠪᠣᠯᠪᠠᠴᠤ᠂ ᠳᠠᠷᠬᠠᠤᠨ ᠴᠢᠩᠭᠢᠰ ᠬᠠᠭᠠᠨ ᠤ ᠣᠩᠭ᠋ᠤᠨ ᠪᠠ ᠨᠢᠭᠤᠴᠠ ᠳᠠᠷᠬᠠᠨ ᠳᠠᠭᠢᠯᠭ᠎ᠠ ᠶᠢᠨ ᠰᠤᠶᠤᠯ ᠢ ᠪᠦᠷᠢᠨ ᠪᠦᠳᠤᠨ ᠶᠢᠡᠷ ᠬᠠᠳᠠᠭᠠᠯᠠᠭᠰᠠᠨ ᠮᠥᠷᠳᠡᠭᠡᠨ ᠦᠪᠡᠷ ᠤᠨ ᠰᠤᠶᠤᠯ ᠳᠡᠦᠭᠡ᠂ ᠵᠠᠩ ᠠᠭᠠᠯᠢ ᠪᠠᠨ ᠬᠠᠳᠠᠭᠠᠯᠠᠵᠤ ᠥᠯᠡᠳᠡᠭᠡᠭ᠍ᠰᠡᠨ ᠪᠠᠢ᠌ᠨ᠎ᠠ᠃

ᠳᠠᠷᠬᠠᠤᠨ ᠮᠤᠩᠭ᠋ᠤᠯᠴᠤᠳ ᠮᠦᠨ ᠴᠤ ᠠᠷᠠᠤᠨ ᠤᠨ ᠠᠮᠠᠨ ᠵᠤᠬᠢᠶᠠᠯ ᠤᠨ ᠦᠨᠢᠷ ᠪᠠᠶᠠᠯᠢᠭ ᠦᠪ ᠭᠦᠷᠦᠩᠭᠡ ᠶᠢ ᠬᠠᠳᠠᠭᠠᠯᠠᠵᠤ ᠪᠠᠢ᠌ᠳᠠᠭ᠃ ᠳᠠᠷᠬᠠᠤᠠᠴᠤᠳ ᠵᠠᠷᠢᠮ ᠵᠣᠢ᠌ᠯᠠᠰ ᠢ ᠠᠮᠠᠨ ᠵᠤᠬᠢᠶᠠᠯ ᠤᠨ ᠭᠡᠯᠪᠠᠷᠢ ᠪᠠᠷ ᠬᠠᠳᠠᠭᠠᠯᠠᠭᠰᠠᠨ ᠶᠢᠡᠷ ᠪᠠᠷᠠᠬᠤ ᠦᠭᠡᠶ᠂ ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ᠴᠢᠩᠭᠢᠰ ᠤᠨ ᠨᠢ᠋ᠮᠠᠨ ᠴᠠᠭᠠᠨ ᠣᠷᠳᠤᠨ ᠤ ᠳᠠᠢ᠌ᠯᠭ᠎ᠠ ᠶᠢᠨ 《ᠠᠯᠳᠠᠨ ᠪᠢᠴᠢᠭ᠌》 ᠢ ᠬᠠᠳᠠᠭᠠᠯᠠᠵᠤ ᠢᠷᠡᠭ᠍ᠰᠡᠨ ᠪᠠᠢ᠌ᠨ᠎ᠠ᠃ 《ᠠᠯᠳᠠᠨ ᠪᠢᠴᠢᠭ᠌》 ᠲᠤ ᠴᠢᠩᠭᠢᠰ ᠬᠠᠭᠠᠨ ᠤ ᠳᠠᠭᠢᠯᠭ᠎ᠠ ᠶᠢᠨ ᠥᠴᠢᠭ᠌ ᠢᠷᠦᠭᠡᠯ᠂ ᠮᠠᠭᠳᠠᠭᠠᠯ᠂ ᠢᠷᠦᠭᠡᠯ᠂ ᠳᠦᠭᠡᠭᠡᠯ᠂ ᠳᠠᠢ᠌ᠯᠭ᠎ᠠ ᠶᠢᠨ ᠳᠠᠭᠤᠤ ᠵᠢᠴᠢ 《ᠪᠣᠭᠳᠠ ᠡᠵᠡᠨ ᠤ ᠳᠠᠢ᠌ᠯᠭ᠎ᠠ ᠶᠢᠨ ᠳᠦᠷᠢᠮ ᠶᠤᠰᠤ》 ᠵᠡᠷᠭᠡ ᠡᠯᠪᠠᠭ᠌ ᠪᠠᠶᠠᠯᠢᠭ ᠠᠭᠤᠯᠭ᠎ᠠ ᠲᠡᠶ᠃ ᠡᠳᠡᠭᠡᠷ ᠡᠯᠪᠠᠭ᠌ ᠪᠠᠶᠠᠯᠢᠭ ᠳᠠᠢ᠌ᠯᠭ᠎ᠠ ᠶᠢᠨ ᠥᠴᠢᠭ᠌ ᠢᠷᠦᠭᠡᠯ ᠨᠢ ᠡᠷᠳᠡᠨ ᠤ ᠮᠤᠩᠭ᠋ᠤᠯᠴᠤᠳ ᠤᠨ ᠳᠡᠦᠭᠡ ᠰᠤᠶᠤᠯ᠂ ᠣᠯᠤᠰ ᠲᠦᠷᠦ᠂ ᠠᠵᠤ ᠠᠬᠤᠢ᠂ ᠴᠡᠷᠢᠭ᠌ ᠤᠨ ᠶᠠᠪᠣᠳᠠᠯ᠂ ᠬᠠᠤᠯᠢ ᠴᠠᠭᠠᠵᠠ᠂ ᠵᠠᠩ ᠣᠢ᠌ᠯᠠ ᠵᠡᠷᠭᠡ ᠣᠯᠠᠨ ᠳᠠᠯ᠎ᠠ ᠶᠢ ᠬᠠᠮᠤᠷᠤᠭᠰᠠᠨ ᠮᠥᠷᠳᠡᠭᠡᠨ ᠳᠠᠢ᠌ᠯᠭ᠎ᠠ ᠶᠢᠨ ᠰᠤᠶᠤᠯ ᠪᠠ ᠵᠠᠩ ᠣᠢ᠌ᠯᠠ ᠶᠢᠨ ᠰᠤᠶᠤᠯ ᠬᠠᠷᠢᠯᠴᠠᠨ ᠣᠶᠠᠯᠳᠤᠵᠤ᠂ ᠠᠷᠠᠤᠨ ᠤᠨ ᠳᠤᠮᠳᠠᠭᠢ ᠰᠤᠶᠤᠯ ᠤᠨ ᠳᠦᠯᠦᠭᠡᠯᠡᠭ᠍ᠴᠢ ᠪᠦᠳᠦᠭᠡᠯ ᠪᠣᠯᠤᠭᠰᠠᠨ ᠪᠠᠢ᠌ᠨ᠎ᠠ᠃ ᠳᠠᠷᠬᠠᠤᠨ ᠤᠨ ᠠᠮᠢᠳᠤᠷᠠᠵᠤ ᠪᠠᠢ᠌ᠭ᠎ᠠ ᠭᠠᠵᠠᠷ ᠲᠤ ᠵᠤᠨ ᠪᠣᠯᠤᠮᠠᠭᠴᠠ ᠵᠤᠯᠠᠭ᠂ ᠣᠪᠣᠭ᠎ᠠ ᠳᠠᠭᠢᠬᠤ᠂ ᠴᠠᠮ ᠤᠨ ᠬᠤᠷᠠᠯ ᠪᠠ 《ᠡᠷ᠎ᠡ ᠶᠢᠨ ᠭᠤᠷᠪᠠᠨ ᠨᠠᠭᠠᠳᠤᠮ ᠊᠊᠊᠊᠊᠊᠊᠊᠊᠊᠊᠊᠊᠊᠊ ᠨᠠᠭᠠᠳᠤᠮ ᠤᠨ ᠬᠤᠷᠠᠯ》 ᠵᠡᠷᠭᠡ ᠳᠠᠯ᠎ᠠ ᠨᠤᠳᠤᠭ ᠤᠨ ᠴᠤᠭᠯᠠᠭᠠᠨ ᠢ ᠡᠷᠭᠢᠯᠡᠳᠡᠭ᠌᠃ ᠡᠪᠦᠯ ᠪᠣᠯᠪᠠᠯ ᠣᠷᠳᠤᠰ ᠬᠤᠷᠢᠮ ᠵᠡᠷᠭᠡ ᠭᠦᠳᠡᠯᠭᠡᠭᠡᠨ ᠢ ᠡᠷᠭᠢᠯᠡᠳᠡᠭ᠌᠃ ᠪᠢᠳᠡᠭᠦᠨ ᠤ ᠰᠦᠨᠢ ᠪᠣᠯᠪᠠᠯ ᠳᠡᠭᠡᠳᠦᠰ ᠶᠢᠡᠨ ᠳᠠᠭᠢᠵᠤ᠂ ᠰᠢᠨ᠎ᠡ ᠶᠢᠨ ᠨᠢᠭᠡᠨ ᠤ ᠥᠷᠯᠦᠭᠡ 《ᠳᠡᠭ᠍ᠷᠢ ᠶᠢᠨ ᠵᠤᠯᠠ》 ᠮᠠᠠᠳᠤᠭᠤᠯᠵᠤ᠂ ᠠᠷᠪᠠᠨ ᠭᠤᠷᠪᠠᠳᠤᠭᠠᠷ ᠵᠠᠭᠤᠨ ᠡᠴᠠ ᠨᠠᠰᠢᠭᠢ ᠮᠤᠩᠭ᠋ᠤᠯ ᠤᠨ ᠬᠠᠭᠠᠨ ᠣᠷᠳᠤᠨ ᠤ ᠶᠤᠰᠤᠯᠠᠯ ᠤᠨ ᠭᠡᠯᠪᠠᠷᠢ ᠶᠢ ᠬᠠᠳᠠᠭᠠᠯᠠᠵᠤ᠂ ᠬᠠᠭᠠᠨ ᠣᠷᠳᠤᠨ ᠤ ᠰᠤᠶᠤᠯ ᠤᠨ ᠣᠠᠴᠠᠯᠢᠭ ᠲᠡᠶ ᠵᠤᠴᠢᠨ ᠣᠭᠳᠤᠬᠤ᠂ ᠭᠦᠷᠭᠡᠭᠦ ᠪᠠ ᠬᠤᠷᠢᠮ ᠤᠨ ᠥᠪᠠᠳᠡᠭ᠍ᠰᠢ ᠶᠤᠰᠤᠯᠠᠯ ᠢ ᠶᠠᠪᠣᠭᠳᠠᠭᠤᠯᠵᠤ᠂ ᠣᠯᠤᠰ ᠤᠨ ᠳᠤᠳᠤᠷ᠎ᠠ ᠭᠠᠳᠠᠨ᠎ᠠ ᠡᠴᠠ ᠴᠤᠭᠯᠠᠷᠠᠨ ᠢᠷᠡᠭ᠍ᠰᠡᠨ ᠵᠢᠭᠤᠯᠴᠢᠯᠠᠭᠴᠢᠳ ᠢ ᠳᠠᠳᠠᠨ ᠢᠷᠡᠭᠦᠯᠵᠤ ᠪᠠᠢ᠌ᠨ᠎ᠠ᠃


ᠵᠤᠬᠢᠶᠠᠭᠴᠢ ᠶᠢᠨ ᠬᠠᠶ‍ᠢᠭ ᠄ ᠴᠢᠩᠭᠢᠰ ᠬᠠᠭᠠᠨ ᠤ ᠣᠩᠭ᠋ᠤᠨ ᠤ ᠳᠠᠢ᠌ᠯᠭ᠎ᠠ ᠰᠤᠶᠤᠯ ᠤᠨ ᠠᠯᠪᠠᠨ ᠭᠡᠷ


ᠵᠤᠬᠢᠶᠠᠭᠴᠢ᠄ ᠰᠡᠴᠡᠨᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7452
ᠴᠠᠭ᠄ 2010 ᠤᠨ ᠤ 02 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ