☆ ᠵᠢᠯᠠᠮ·ᠮᠠᠠᠳᠤᠪᠠᠶᠠᠷ
ᠬᠠᠨᠢ ᠶᠢᠨ ᠢᠷᠦᠭᠡᠯ
᠊᠊᠊᠊᠊᠊᠊᠊᠊᠊᠊᠊᠊᠊᠊ ᠳᠠᠭᠤᠨ ᠤ ᠥᠭᠡ
ᠢᠯᠳᠠᠮᠬᠠᠨ ᠵᠠᠩ ᠲᠡᠶ ᠪᠦᠰᠡᠭᠦᠢ ᠴᠢᠮ᠎ᠠ ᠲᠡᠶ ᠪᠠᠨ
ᠶᠠᠭ ᠯᠠ ᠢᠩᠭᠢᠵᠤ ᠣᠴᠠᠷᠠᠨ᠎ᠠ ᠭᠡᠵᠤ ᠪᠣᠳᠤᠭ᠎ᠠ ᠥᠭᠡᠢ
ᠶᠠᠭ ᠯᠠ ᠢᠩᠭᠢᠵᠤ ᠣᠴᠠᠷᠠᠬᠤ ᠳᠤᠰᠤᠮ ᠵᠢᠠᠨ
ᠢᠨᠠᠭ ᠤᠨ ᠰᠡᠳᠭᠢᠯ ᠳᠦᠷᠤᠨ᠎ᠠ ᠭᠡᠵᠤ ᠰᠠᠨᠠᠭ᠎ᠠ ᠥᠭᠡᠢ
ᠠᠢ︕ ᠬᠤᠩᠭ᠋ᠤᠷ ᠮᠢᠨᠢ
ᠢᠯᠳᠠᠮᠬᠠᠨ ᠵᠠᠩ ᠲᠡᠶ ᠬᠤᠩᠭ᠋ᠤᠷ ᠮᠢᠨᠢ ᠳ᠋ᠠ᠂
ᠭᠦᠭᠡᠷᠦᠭᠦᠨ ᠳᠦᠷᠦᠭ᠍ᠰᠡᠨ ᠪᠦᠰᠡᠭᠦᠢ ᠴᠢᠮ᠎ᠠ ᠲᠡᠶ ᠪᠠᠨ
ᠭᠦᠭᠯᠡᠷᠡᠨ ᠪᠠᠢ᠌ᠵᠤ ᠣᠴᠠᠷᠠᠨ᠎ᠠ ᠭᠡᠵᠤ ᠪᠣᠳᠤᠭ᠎ᠠ ᠥᠭᠡᠢ
ᠭᠦᠭᠯᠡᠷᠡᠨ ᠪᠠᠢ᠌ᠵᠤ ᠣᠴᠠᠷᠠᠬᠤ ᠳᠤᠰᠤᠮ ᠵᠢᠠᠨ
ᠬᠠᠢ᠌ᠷ᠎ᠠ ᠶᠢᠨ ᠰᠡᠳᠭᠢᠯ ᠳᠦᠷᠤᠨ᠎ᠠ ᠭᠡᠵᠤ ᠰᠠᠨᠠᠭ᠎ᠠ ᠦᠭᠡᠶ᠂
ᠠᠢ︕ ᠪᠦᠰᠡᠭᠦᠢ ᠮᠢᠨᠢ
ᠪᠦᠷᠦᠩᠭᠡᠨ ᠵᠠᠩ ᠲᠡᠶ ᠪᠦᠰᠡᠭᠦᠢ ᠮᠢᠨᠢ︕
ᠰᠠᠢ᠌ᠬᠠᠨ ᠳᠦᠷᠦᠭ᠍ᠰᠡᠨ ᠪᠦᠰᠡᠭᠦᠢ ᠴᠢᠮ᠎ᠠ ᠲᠡᠶ ᠪᠠᠨ
ᠰᠠᠭᠠᠷᠠᠨ ᠪᠠᠢ᠌ᠵᠤ ᠣᠴᠠᠷᠠᠨ᠎ᠠ ᠭᠡᠵᠤ ᠪᠣᠳᠤᠭ᠎ᠠ ᠦᠭᠡᠶ᠂
ᠰᠠᠭᠠᠷᠠᠨ ᠪᠠᠢ᠌ᠵᠤ ᠣᠴᠠᠷᠠᠬᠤ ᠳᠤᠰᠤᠮ ᠵᠢᠠᠨ
ᠰᠠᠨᠠᠭ᠎ᠠ ᠰᠡᠳᠭᠢᠯ ᠨᠠᠢ᠌ᠯᠠᠨ᠎ᠠ ᠭᠡᠵᠤ ᠮᠡᠳᠡᠭᠡ ᠦᠭᠡᠶ᠂
ᠠᠢ︕ ᠬᠠᠨᠢ ᠮᠢᠨᠢ
ᠬᠠᠢ᠌ᠯᠭᠠᠨ ᠵᠠᠩ ᠲᠡᠶ᠂ ᠬᠠᠨᠢ ᠮᠢᠨᠢ
ᠠᠢ︕ ᠪᠦᠰᠡᠭᠦᠢ ᠮᠢᠨᠢ
ᠪᠦᠷᠦᠩᠭᠡᠨ ᠵᠠᠩ ᠲᠡᠶ᠂ ᠪᠦᠰᠡᠭᠦᠢ ᠮᠢᠨᠢ᠃
2009.6.16
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ