ᠨᠡᠪᠲᠡᠷᠡᠨ ᠤᠷᠤᠬᠤ
ᠡᠪᠦᠭᠡ ᠶᠢᠨ ᠭᠡᠭᠡᠨ ᠳᠤᠷᠠᠳᠬᠠᠯ

ᠨᠤᠮᠢᠨ ᠨᠤᠭᠤᠭᠠᠨ ᠪᠠᠯᠴᠢᠭᠡᠷ ᠶᠢᠡᠨ

ᠰᠦᠷᠦᠭ᠌ ᠤᠨ ᠶᠢᠡᠨ ᠳᠠᠭᠤ ᠪᠠᠷ

ᠭᠦᠭ᠍ᠵᠢᠮᠳᠡᠵᠤ ᠶᠠᠪᠣᠭᠰᠠᠨ

ᠭᠦᠭ᠍ᠵᠢᠮᠴᠢᠨ ᠭᠦᠮᠤᠨ ᠪᠠᠢ᠌ᠭᠰᠠᠨ ᠶᠤᠮ᠂

ᠨᠤᠳᠤᠭ ᠤᠨ ᠶᠢᠡᠨ ᠨᠠᠷᠠ ᠶᠢ

ᠵᠤᠯᠠᠢ ᠪᠠᠷ ᠦᠨᠦᠰᠴᠤ

ᠵᠦᠳᠡᠷᠡᠵᠤ ᠶᠠᠪᠣᠭᠰᠠᠨ

ᠮᠠᠯᠴᠢᠨ ᠭᠦᠮᠤᠨ ᠪᠠᠢ᠌ᠭᠰᠠᠨ ᠶᠤᠮ᠂

ᠭᠦᠯᠦᠭ᠌ ᠤᠨ ᠶᠢᠡᠨ ᠨᠢᠷᠤᠭᠤᠨ ᠳᠡᠭᠡᠷ᠎ᠡ

ᠭᠦᠡᠳᠡᠢ ᠶᠢᠨ ᠰᠠᠯᠭᠢ ᠲᠡᠶ

ᠭᠦᠦᠨᠡᠳᠡᠵᠤ ᠶᠠᠪᠣᠭᠰᠠ

ᠨᠠᠢ᠌ᠷᠠᠭᠴᠢ ᠭᠦᠮᠤᠨ ᠪᠠᠢ᠌ᠭᠰᠠᠨ ᠶᠤᠮ᠂

ᠭᠦᠳᠡᠷᠯᠢᠭ᠌ ᠬᠤᠭᠤᠯᠠᠢ ᠪᠠᠷ ᠶᠢᠡᠨ

ᠣᠷᠳᠤ ᠶᠢᠨ ᠳᠠᠭᠤ ᠪᠠᠨ

ᠢᠰᠭᠡᠷᠴᠤ ᠶᠠᠪᠣᠭᠰᠠᠨ

ᠳᠠᠭᠤᠴᠢᠨ ᠭᠦᠮᠤᠨ ᠪᠠᠢ᠌ᠭᠰᠠᠨ ᠶᠤᠮ᠂

ᠡᠮᠨᠢᠭ᠌ ᠤᠨ ᠲᠤᠢ᠌ᠯᠠᠭ᠎ᠠ ᠶᠢ

ᠡᠶᠡᠯᠳᠡᠭ᠌ ᠠᠭᠠᠰᠢ ᠪᠠᠷ ᠶᠢᠡᠨ

ᠡᠷᠭᠡᠰᠢᠶᠡᠵᠤ ᠶᠠᠪᠣᠭᠰᠠᠨ

ᠡᠮᠨᠢᠭ᠍ᠴᠢᠨ ᠭᠦᠮᠤᠨ ᠪᠠᠢ᠌ᠭᠰᠠᠨ ᠶᠤᠮ᠃

ᠡᠭᠡᠷᠡᠮ᠎ᠡ ᠳᠠᠯ᠎ᠠ ᠪᠠᠨ

ᠡᠷ᠎ᠡ ᠶᠢᠨ ᠣᠮᠤᠭ ᠶᠢᠡᠷ ᠶᠢᠡᠨ

ᠡᠮᠵᠢᠶᠡᠷᠯᠡᠵᠤ ᠶᠠᠪᠣᠭᠰᠠᠨ

ᠵᠢᠷᠤᠭᠴᠢᠨ ᠭᠦᠮᠤᠨ ᠪᠠᠢ᠌ᠭᠰᠠᠨ ᠶᠤᠮ᠃

ᠨᠢ᠋ᠮᠠᠨ ᠬᠠᠨᠠᠳᠤ ᠦᠷᠦᠭᠡ ᠪᠠᠨ

ᠨᠠᠷᠠ ᠪᠠᠷ ᠡᠩᠭᠦᠷᠡᠢ᠌ᠯᠡᠵᠤ ᠶᠠᠪᠣᠭᠰᠠᠨ

ᠰᠠᠷᠠ ᠪᠠᠷ ᠪᠦᠪᠠᠢ᠌ᠯᠠᠵᠤ ᠶᠠᠪᠣᠭᠰᠠᠨ

ᠠᠪᠣ ᠭᠦᠮᠤᠨ ᠪᠠᠢ᠌ᠭᠰᠠᠨ ᠶᠤᠮ᠃

ᠨᠠᠰᠤᠨ ᠳᠤᠷᠰᠢ ᠨᠤᠳᠤᠭ ᠣᠰᠤᠨ ᠳ᠋ᠭᠠᠨ

ᠣᠢ᠌ᠯᠠᠰ ᠤᠨ ᠮᠦᠷ ᠶᠢᠡᠨ ᠳᠠᠮᠠᠭᠠᠯᠠᠵᠤ

ᠦᠨᠡᠠᠴᠢ ᠴᠠᠢ᠌ᠯᠭᠠᠨ ᠶᠠᠪᠣᠭᠰᠠᠨ

ᠰᠢᠳᠤᠷᠭᠤ ᠭᠦᠮᠤᠨ ᠪᠠᠢ᠌ᠭᠰᠠᠨ ᠶᠤᠮ᠂

ᠦᠷᠯᠦᠭᠡ ᠶᠢᠨ ᠨᠠᠷᠠ ᠶᠢ

ᠣᠠᠳᠠᠭ᠎ᠠ ᠪᠠᠷ

ᠡᠪᠠᠰᠤᠨ ᠤ ᠰᠢᠭᠦᠳᠡᠷᠢ ᠶᠢ

ᠪᠦᠮᠪᠦᠷᠢᠭᠦᠯᠵᠤ ᠶᠠᠪᠣᠭᠰᠠᠨ

ᠭᠡᠢ᠌ᠮᠦᠷᠢ ᠪᠣᠰᠤᠭ᠎ᠠ ᠭᠦᠮᠤᠨ ᠪᠠᠢ᠌ᠭᠰᠠᠨ ᠶᠤᠮ᠂

ᠦᠳᠡᠰᠢ ᠶᠢᠨ ᠮᠠᠨᠠᠭ᠎ᠠ ᠶᠢ

ᠢᠰᠡᠭᠡᠢ ᠪᠦᠳᠦᠭ᠌ ᠶᠢᠡᠷ ᠶᠢᠡᠨ

ᠳᠤᠯᠠᠭᠠᠴᠠᠭᠤᠯᠵᠤ ᠶᠠᠪᠣᠭᠰᠠᠨ

ᠭᠢᠯᠢᠴᠢᠨ ᠭᠦᠮᠤᠨ ᠪᠠᠢ᠌ᠭᠰᠠᠨ ᠶᠤᠮ᠂

ᠨᠤᠳᠤᠭ ᠰᠦᠷᠦᠭ᠌ ᠬᠤᠶᠠᠷ ᠲᠠᠭᠠᠨ

ᠠᠷᠭ᠎ᠠ ᠦᠭᠡᠶ ᠬᠠᠢ᠌ᠷᠠᠳᠠᠢ

ᠠᠯᠳᠠᠭ᠎ᠠ ᠦᠭᠡᠶ ᠶᠠᠪᠣᠭᠰᠠᠨ

ᠡᠪᠦᠭᠡᠨ ᠭᠦᠮᠤᠨ ᠪᠠᠢ᠌ᠭᠰᠠᠨ ᠶᠤᠮ᠂

ᠨᠠᠭᠤᠷ ᠤᠨ ᠰᠢᠪᠠᠭᠤᠳ ᠪᠣᠴᠠᠬᠤ ᠳᠤ

ᠰᠡᠳᠭᠢᠯ ᠣᠶᠠᠷᠠᠨ ᠵᠦᠩᠨᠡᠵᠦ

ᠰᠡᠭᠦᠷᠡᠰᠤ ᠠᠯᠳᠠᠨ ᠬᠤᠴᠤᠷᠠᠳᠠᠭ

ᠰᠢᠳᠦᠭᠡᠨ ᠭᠦᠮᠤᠨ ᠪᠠᠢ᠌ᠭᠰᠠᠨ ᠶᠤᠮ᠂

ᠰᠠᠷᠬᠤᠤᠨ ᠭᠠᠩᠰᠠ ᠬᠤᠶᠠᠷ ᠶᠢᠡᠷ

ᠠᠮᠢᠳᠤᠷᠠᠯ ᠪᠠᠶ᠎ᠠ ᠪᠠᠶᠠᠰ ᠶᠢᠡᠨ

ᠠᠳᠠᠯᠢᠬᠠᠨ ᠰᠤᠭᠳᠤᠵᠤ ᠰᠤᠭᠳᠤᠭᠠᠵᠤ ᠶᠠᠪᠣᠭᠰᠠᠨ

ᠡᠭᠡᠯ ᠵᠢᠷ ᠤᠨ ᠭᠦᠮᠤᠨ ᠪᠠᠢ᠌ᠭᠰᠠᠨ ᠶᠤᠮ᠂

ᠰᠠᠠᠴᠢᠭ ᠵᠠᠵᠢᠨ ᠤ ᠭᠢᠨᠢ ᠭᠢᠷᠠᠭᠤ

ᠪᠣᠭᠤᠷᠤᠯ ᠬᠤᠷᠸ᠎ᠠ ᠶᠢᠨ ᠦᠨᠡᠨ ᠢ

ᠪᠣᠴᠠᠵᠤ ᠢᠷᠡᠭᠦ ᠦᠭᠡᠶ ᠨᠠᠰᠤ ᠪᠠᠷ ᠶᠢᠡᠨ

ᠪᠢᠴᠢᠭ᠍ᠯᠡᠵᠤ ᠥᠪᠯᠡᠭ᠍ᠰᠡᠨ

ᠭᠡᠷᠢᠶᠡᠰᠤ ᠭᠦᠮᠤᠨ ᠪᠠᠢ᠌ᠭᠰᠠᠨ ᠶᠤᠮ᠂

ᠠᠳᠤᠭᠤᠨ ᠤ ᠳᠤᠷᠭᠢᠯᠳᠡ ᠠᠨᠢᠷᠳᠤᠵᠤ

ᠬᠤᠷᠳᠤᠨ ᠮᠤᠷᠢᠨ ᠤ ᠵᠢᠯᠪᠢ ᠲᠡᠶ

ᠠᠷᠭᠠᠮᠵᠢ ᠨᠢ ᠭᠠᠵᠠᠷ ᠲᠤ ᠳᠤᠰᠵᠤ

ᠠᠯᠳᠠᠵᠤ ᠥᠵᠡᠭᠡ ᠦᠭᠡᠶ

ᠴᠠᠯᠮᠠᠴᠢ ᠭᠦᠮᠤᠨ ᠪᠠᠢ᠌ᠭᠰᠠᠨ ᠶᠤᠮ᠂

ᠠᠴᠢᠶᠠᠯᠠᠵᠤ ᠳᠡᠩᠨᠡᠭ᠍ᠰᠡᠨ ᠨᠡᠭᠦᠳᠡᠯ ᠤᠨ

ᠠᠶᠠᠨ ᠤ ᠳᠤᠭᠤᠰᠤ ᠦᠷᠭᠦᠭᠡᠵᠤ

ᠠᠮᠢᠵᠢᠷᠠᠯ ᠤᠨ ᠣᠳᠤᠭ᠎ᠠ ᠪᠣᠷᠭᠢᠭᠤᠯᠵᠤ

ᠪᠠᠭᠤᠷᠢ ᠪᠠᠨ ᠮᠢᠯᠢᠶᠠᠵᠤ ᠪᠠᠭᠤᠳᠠᠭ

ᠪᠣᠶᠠᠠᠳᠠᠢ ᠭᠦᠮᠤᠨ ᠪᠠᠢ᠌ᠭᠰᠠᠨ ᠶᠤᠮ᠂

ᠰᠠᠯᠭᠢ ᠰᠢᠭᠤᠷᠭᠠᠨ ᠤ ᠴᠢᠭᠯᠡᠯ ᠢ

ᠴᠠᠭ ᠡᠴᠡ ᠨᠢ ᠦᠷᠢᠤᠠᠴᠢᠯᠠᠨ ᠮᠡᠳᠡᠴᠢᠭᠡᠳᠡᠭ᠌

ᠴᠠᠭᠠᠨ᠎ᠠ ᠪᠠᠨ ᠣᠨᠤᠪᠴᠢᠳᠠᠢ ᠮᠠᠭᠠᠳᠯᠠᠴᠢᠬᠠᠳᠠᠭ

ᠬᠠᠰᠢᠷ ᠭᠦᠮᠤᠨ ᠪᠠᠢ᠌ᠭᠰᠠᠨ ᠶᠤᠮ᠃

ᠰᠠᠢ᠌ᠨ ᠠᠭᠳᠠ ᠶᠢᠨ ᠰᠢᠠᠵᠢ ᠶᠢ

ᠣᠨᠠᠭᠠᠨ ᠴᠠᠭ ᠡᠴᠡ ᠨᠢ

ᠣᠨᠤᠭᠰᠠᠨ ᠶᠤᠮ ᠰᠢᠭ᠌ ᠰᠢᠠᠵᠢᠯᠡᠳᠡᠭ

ᠣᠶᠠᠭᠠᠴᠢ ᠶᠠᠪᠣᠭᠰᠠᠨ

ᠠᠳᠤᠭᠤᠴᠢ ᠭᠦᠮᠤᠨ ᠪᠠᠢ᠌ᠭᠰᠠᠨ ᠶᠤᠮ᠃

ᠡᠪᠦᠭᠡ ᠮᠢᠨᠢ

ᠳᠤᠷᠭᠤᠳ ᠨᠤᠳᠤᠭ ᠤᠨ

ᠨᠠᠷᠠ ᠪᠠᠢ᠌ᠭᠰᠠᠨ ᠶᠤᠮ

ᠳᠤᠯᠭ᠎ᠠ ᠶᠢᠨ ᠭᠠᠯ ᠤᠨ

ᠦᠷ ᠪᠠᠢ᠌ᠭᠰᠠᠨ ᠶᠤᠮ

ᠦᠷᠦᠭᠡ ᠭᠡᠷ ᠤᠨ ᠶᠢᠡᠨ

ᠵᠤᠯᠠ ᠪᠠᠢ᠌ᠭᠰᠠᠨ ᠶᠤᠮ

ᠦᠨᠢᠷ ᠰᠦᠷᠦᠭ᠌ ᠤᠨ ᠶᠢᠡᠨ

ᠡᠵᠡᠨ ᠨᠢ ᠪᠠᠢ᠌ᠭᠰᠠᠨ ᠶᠤᠮ᠃


ᠵᠤᠬᠢᠶᠠᠭᠴᠢ ᠶᠢᠨ ᠬᠠᠶ‍ᠢᠭ᠄ ᠪᠠᠶᠠᠠᠭᠤᠤᠯ ᠵᠸᠤ ᠶᠢᠨ ᠾᠸᠵᠢᠩ ᠰᠢᠶᠠᠨ

ᠵᠤᠬᠢᠶᠠᠭᠴᠢ᠄ ᠮᠣ᠊·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 06 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ