☆ ᠰᠣ᠊·ᠦᠨᠡᠠᠴᠢ
ᠳᠤᠭᠤᠯ ᠤᠨ ᠭᠤᠤᠯ
ᠬᠠᠩᠭᠢᠨ ᠰᠢᠷᠤᠢ ᠶᠢ ᠡᠩᠭᠦᠷᠡᠢ᠌ᠯᠡᠨ ᠳᠤᠨᠤᠷᠠᠭᠰᠠᠨ ᠳᠤᠭᠤᠯ ᠤᠨ ᠭᠤᠤᠯ
ᠬᠠᠩᠭ᠋ᠠᠢ ᠭᠤᠪᠢ ᠪᠠᠨ ᠬᠠᠭᠠᠯᠵᠤ ᠭᠦᠡᠳᠡᠢ᠌ᠷᠡᠭ᠍ᠰᠡᠨ ᠳᠤᠮᠤᠭ ᠤᠨ ᠭᠤᠤᠯ
ᠬᠠᠯᠠᠭᠤᠨ ᠬᠤᠰᠢᠭᠤᠳᠤ ᠪᠠᠨ ᠪᠦᠣᠪᠠᠢ᠌ᠯᠠᠵᠤ ᠣᠮᠳᠠᠯᠠᠭᠰᠠᠨ ᠡᠭᠡ ᠭᠤᠤᠯ
ᠬᠠᠷᠠᠴᠤ ᠲᠦᠮᠡᠨ ᠤ ᠬᠠᠢ᠌ᠷ᠎ᠠ ᠶᠢ ᠳᠠᠳᠠᠭᠰᠠᠨ ᠰᠢᠳᠦᠭᠡᠨ ᠭᠤᠤᠯ ᠡ
ᠳᠤᠯᠭ᠎ᠠ ᠶᠢᠨ ᠭᠠᠯ ᠤᠨ ᠣᠠᠳᠠᠷᠠᠭᠰᠠᠨ ᠴᠤᠭ ᠰᠠᠯᠭᠢ ᠪᠣᠯᠵᠤ ᠳᠡᠭ᠍ᠳᠡᠪᠡ
ᠳᠡᠮᠡᠭᠡᠨ ᠵᠢᠩ ᠤᠨ ᠭᠠᠯ ᠠᠶᠠᠨ ᠤ ᠪᠣᠳᠠᠷᠠᠭᠰᠠᠨ ᠴᠤᠪᠣᠭ᠎ᠠ ᠬᠣᠢ᠌ᠯᠠᠷᠠᠪᠠ
ᠵᠡᠭᠦᠳᠤᠨ ᠳᠤ ᠢᠷᠡᠭ᠍ᠰᠡᠨ ᠣᠯᠠᠨ ᠮᠤᠷᠢᠳᠠᠤᠨ ᠤᠨ ᠳᠦᠷᠦᠭᠡᠨ ᠳᠠᠭᠤᠨ ᠬᠠᠩᠭᠢᠨᠠᠨ᠎ᠠ
ᠵᠡᠷᠭᠡᠯᠭᠡᠡᠳᠤ ᠭᠤᠪᠢ ᠶᠢᠨ ᠵᠡᠷᠯᠢᠭ᠌ ᠴᠢᠨ᠋ᠸ᠎ᠠ ᠳᠡᠭ᠍ᠷᠢ ᠶᠢᠨ ᠬᠠᠶᠠᠭᠠᠨ ᠳᠤ ᠣᠯᠢᠨ᠎ᠠ
ᠣᠨ ᠣᠳᠠᠭᠠᠨ ᠣᠷᠤᠰᠴᠤ ᠱᠤᠤᠭᠢᠭᠰᠠᠨ ᠳᠤᠭᠤᠯ ᠤᠨ ᠭᠤᠤᠯ ᠮᠢᠨᠢ
ᠣᠳᠤ ᠬᠠᠷᠢᠨ ᠣᠰᠤ ᠴᠤ ᠦᠭᠡᠶ᠂ ᠰᠢᠪᠠᠭᠤ ᠴᠤ ᠦᠭᠡᠶ ᠡᠮᠵᠡᠭᠯᠡᠨ
ᠣᠯᠠᠨ ᠵᠠᠭᠤᠨ ᠤ ᠪᠣᠭᠤᠷᠤᠯᠳᠤᠭᠰᠠᠨ ᠳᠡᠦᠭᠡ ᠶᠢᠨ ᠥᠯᠢᠭᠡᠷ ᠭᠦᠦᠷᠨᠢᠵᠤ
ᠣᠷᠴᠢᠯᠠᠩ ᠤᠨ ᠵᠠᠢ ᠳᠤ ᠨᠢᠴᠦᠭᠦᠨ ᠡᠯᠡᠰᠤ ᠪᠠᠨ ᠡᠪᠦᠷᠯᠡᠵᠤ ᠨᠣᠢ᠌ᠷᠰᠤᠵᠠᠢ
ᠪᠣᠭᠤᠷᠤᠯ ᠨᠤᠳᠤᠭ ᠤᠨ ᠳᠤᠭᠰᠢᠨ ᠰᠢᠭᠤᠷᠭ᠎ᠠ ᠰᠢᠭ ᠭᠦᠷᠭᠢᠷᠡᠨ ᠳᠤᠯᠭᠢᠶᠠᠯᠠᠵᠤ
ᠪᠣᠷᠤᠭᠠᠠᠳᠤ ᠣᠯᠠᠷᠢᠯ ᠤᠨ ᠴᠩᠭᠡᠷ ᠳᠠᠯ᠎ᠠ ᠪᠠᠨ ᠵᠦᠰᠤᠨ ᠥᠶᠡᠷᠯᠡᠳᠡᠭ᠌
ᠪᠣᠷᠬᠠᠨ ᠳᠡᠭᠡᠳᠤ ᠶᠢᠨ ᠭᠤᠯᠤᠮᠳᠠ ᠰᠠᠭᠢᠭᠰᠠᠨ ᠳᠤᠭᠤᠯ ᠤᠨ ᠭᠤᠤᠯ ᠮᠢᠨᠢ
ᠪᠣᠴᠠᠵᠤ ᠢᠷᠡᠭᠡ ᠦᠭᠡᠶ ᠨᠡᠭᠦᠳᠡᠯ ᠤᠨ ᠰᠢᠪᠠᠭᠤ ᠰᠢᠭ ᠵᠡᠭᠦᠳᠤᠨ ᠡᠴᠡ ᠬᠤᠯᠠᠳᠠᠵᠠᠢ
2010.4.19
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ