☆ ᠶᠢᠨ ᠯᠦᠩ
ᠭᠦᠤ ᠳᠡᠭᠡᠨ ᠣᠩᠰᠢᠬᠤ ᠰᠢᠯᠦᠭ᠌
—ᠭᠦᠤ ᠭᠦᠰᠡᠯ ᠤᠨ ᠶᠢᠡᠨ ᠳᠤᠯᠤᠭᠠᠨ ᠨᠠᠰᠤᠨ ᠤ ᠣᠢ ᠳᠤ ᠵᠤᠷᠢᠭᠤᠯᠪᠠ
ᠮᠤᠷᠢᠨ ᠵᠢᠯ ᠤᠨ ᠭᠦᠭᠡᠭᠡ ᠰᠠᠷ᠎ᠠ
ᠮᠤᠷᠢᠳᠠᠨ ᠣᠭᠰᠠᠭ᠎ᠠ ᠶᠢᠨ ᠬᠣᠢ᠌ᠮᠤᠷ ᠡᠵᠡᠯᠡᠵᠤ
ᠡᠵᠢ ᠶᠢᠨ ᠶᠢᠡᠨ ᠭᠤᠪᠠᠢ᠌ᠬᠠᠨ ᠵᠢᠰᠤ ᠭᠤᠠᠳᠠᠭᠤᠯᠵᠤ
ᠡᠴᠢᠭᠡ ᠶᠢᠨ ᠶᠢᠡᠨ ᠬᠠᠯᠠᠭᠤᠨ ᠴᠢᠰᠤ ᠯᠤᠭᠰᠢᠭᠤᠯᠵᠤ
ᠠᠮᠢᠳᠤᠷᠠᠯ ᠬᠠᠢ᠌ᠷ᠎ᠠ ᠶᠢᠨ ᠮᠢᠨᠢ ᠦᠷ᠎ᠡ ᠪᠣᠯᠵᠤ
ᠠᠮᠢᠨ ᠬᠠᠢ᠌ᠷ᠎ᠠ ᠶᠢᠨ ᠮᠢᠨᠢ ᠪᠦᠪᠠᠢ ᠪᠣᠯᠵᠤ
ᠠᠯᠠᠭ ᠬᠤᠷᠸ᠎ᠠ ᠳᠤ
ᠳᠦᠷᠦᠭ᠍ᠰᠡᠨ ᠶᠤᠮ᠂ ᠴᠢ ᠮᠢᠨᠢ ︕
ᠭᠦᠮᠤᠨ ᠵᠤᠨ ᠤ ᠪᠠᠨ ᠳᠤᠮᠳᠠ
ᠡᠷ᠎ᠡ ᠶᠢᠨ ᠵᠤᠯᠪᠣᠭᠠᠳᠠᠢ ᠶᠠᠪᠣᠬᠤ ᠶᠢᠨ ᠣᠴᠢᠷ
ᠭᠦᠭᠡ ᠮᠤᠩᠭ᠋ᠤᠯ ᠤᠨ ᠴᠢᠰᠤ ᠶᠤᠮ ᠬᠣᠢ᠌ᠨ᠎ᠠ
ᠭᠦᠤ ᠮᠢᠨᠢ ᠴᠢ ᠴᠡᠭᠡᠵᠢᠯᠡᠵᠤ ᠠᠪ ᠄
ᠠᠪᠣ ᠨᠢ ᠶᠠᠳᠠᠭᠤᠬᠠᠨ ᠪᠣᠯᠤᠭᠰᠠᠨ ᠶᠢᠡᠷ
ᠠᠳᠤᠭᠤᠨ ᠤ ᠪᠠᠨ ᠳᠤᠯᠤᠭᠠᠢ ᠪᠠᠷ ᠯᠠ
ᠭᠦᠷᠦᠩᠭᠡ ᠪᠠᠨ ᠭᠡᠮᠵᠢᠵᠤ ᠶᠠᠪᠣᠭᠰᠠᠨ ᠶᠤᠮ᠂
ᠠᠯᠳᠠᠷ ᠰᠤᠤᠳᠤ ᠳᠡᠭᠡᠳᠦᠰ ᠴᠢᠨᠢ
ᠠᠭᠳᠠ ᠶᠢᠨ ᠳᠤᠭᠤᠷᠠᠢ ᠪᠠᠷ
ᠳᠡᠯᠡᠭᠡᠢ ᠶᠢ ᠭᠡᠮᠵᠢᠵᠤ ᠶᠠᠪᠣᠭᠰᠠᠨ ᠭᠡᠯᠴᠡᠳᠡᠭ᠌ ︕
ᠳᠠᠷᠠ ᠡᠷᠡᠨ ᠳᠤ
ᠳᠡᠯᠢᠭᠦᠨ ᠪᠣᠯᠳᠤᠭ ᠡᠴᠡ ᠳᠦᠷᠦᠭ᠍ᠰᠡᠨ
ᠳᠠᠮᠤᠵᠢᠨ ᠭᠠᠭᠴᠠᠬᠠᠨ ᠪᠠᠢ᠌ᠵᠤ
ᠳᠡᠯᠡᠭᠡᠢ ᠶᠢᠨ ᠭᠠᠢ᠌ᠬᠠᠮᠰᠢᠭ ᠢ ᠡᠭᠦᠳᠦᠭ᠍ᠰᠡᠨ
ᠮᠤᠩᠭ᠋ᠤᠯ ᠭᠠᠭᠴᠠᠬᠠᠨ ᠪᠠᠢ᠌ᠭᠰᠠᠨ᠂
ᠡᠮᠨᠢᠭ᠌ ᠭᠦᠯᠦᠭ᠌ ᠤᠨ ᠶᠢᠡᠨ ᠳᠡᠩᠭᠡᠭᠡ ᠪᠠᠷ
ᠭᠦᠷᠦᠰᠦᠳᠤ ᠶᠢᠨ ᠵᠠᠢ ᠶᠢ ᠠᠪᠴᠢᠭᠠᠵᠤ
ᠡᠷ᠎ᠡ ᠣᠬᠠᠭᠠᠨ ᠤ ᠪᠠᠨ ᠳᠡᠩᠭᠡᠭᠡ ᠪᠠᠷ
ᠭᠦᠮᠤᠨ ᠤ ᠵᠠᠢ ᠶᠢ ᠣᠢ᠌ᠷᠠᠳᠤᠭᠤᠯᠤᠭᠰᠠᠨ ᠁
ᠳᠡᠭᠦᠨ ᠡᠴᠡ ᠬᠣᠢ᠌ᠰᠢ
ᠲᠦᠷᠦ ᠭᠦᠷᠤᠨ ᠣᠯᠠᠷᠢᠭᠰᠠᠨ ᠴᠤ
ᠳᠡᠭ᠍ᠷᠢᠯᠢᠭ᠌ ᠣᠭᠰᠠᠭᠠᠨ ᠤ ᠭᠦᠭᠡ ᠴᠢᠰᠤ
ᠵᠥᠪᠭᠡᠨ ᠮᠤᠩᠭ᠋ᠤᠯ ᠳᠤ ᠯᠠ ᠣᠷᠤᠰᠤᠭᠰᠠᠨ ᠶᠤᠮ ︕
ᠭᠦᠮᠤᠨ ᠵᠤᠨ ᠤ ᠪᠠᠨ ᠳᠤᠮᠳᠠ
ᠡᠷ᠎ᠡ ᠶᠢᠨ ᠵᠤᠯᠪᠣᠭᠠᠳᠠᠢ ᠶᠠᠪᠣᠬᠤ ᠶᠢᠨ ᠣᠴᠢᠷ
ᠭᠦᠭᠡ ᠮᠤᠩᠭ᠋ᠤᠯ ᠤᠨ ᠴᠢᠰᠤ ᠶᠤᠮ ᠬᠣᠢ᠌ᠨ᠎ᠠ
ᠭᠦᠤ ᠮᠢᠨᠢ ᠴᠢ ᠴᠡᠭᠡᠵᠢᠯᠡᠵᠤ ᠠᠪ ᠄
ᠠᠪᠣ ᠨᠢ ᠶᠠᠷᠤ ᠣᠴᠢᠷᠯᠠᠵᠤ ᠪᠠᠢ᠌ᠳᠠᠭ
ᠠᠯᠢᠪᠠ ᠶᠢ ᠮᠡᠳᠡᠭ᠍ᠰᠡᠨ ᠮᠡᠷᠭᠡᠨ ᠪᠢᠰᠢ ᠴᠤ
ᠠᠭᠤᠤ ᠮᠤᠩᠭ᠋ᠤᠯ ᠤᠨ ᠶᠢᠡᠨ ᠪᠠᠶᠠᠨ ᠦᠪ ᠡᠴᠡ
ᠠᠮᠢᠳᠤᠷᠠᠬᠤ ᠶᠢᠨ ᠣᠬᠠᠭᠠᠨ ᠢ ᠮᠡᠳᠡᠭ᠍ᠰᠡᠨ ᠶᠤᠮ ᠰᠢᠤ
—ᠡᠷ᠎ᠡ ᠶᠭᠤᠨ ᠳᠤ ᠥᠰᠳᠡᠭ᠌ ᠢ
ᠢᠰᠡᠭᠡᠢ ᠶᠠᠭᠠᠭᠢᠭᠠᠤᠨ ᠰᠤᠠᠳᠠᠭ ᠢ
ᠭᠦᠮᠤᠨ ᠶᠠᠭᠤᠨ ᠳᠤ ᠣᠶᠠᠷᠠᠳᠠᠭ ᠢ
ᠭᠦᠯᠦᠭ᠌ ᠶᠠᠭᠠᠭᠢᠭᠠᠤᠨ ᠥᠣᠷᠰᠡᠳᠡᠭ᠌ ᠢ
ᠶᠠᠰᠤ ᠶᠠᠭᠤᠨ ᠳᠤ ᠬᠤᠭᠤᠷᠠᠳᠠᠭ ᠢ
ᠶᠠᠷ᠎ᠠ ᠶᠠᠭᠠᠭᠢᠭᠠᠤᠨ ᠡᠪᠠᠦᠡᠳᠡᠭ᠌ ᠢ ᠁
ᠭᠦᠮᠤᠨ ᠵᠤᠨ ᠤ ᠪᠠᠨ ᠳᠤᠮᠳᠠ
ᠡᠷ᠎ᠡ ᠶᠢᠨ ᠵᠤᠯᠪᠣᠭᠠᠳᠠᠢ ᠶᠠᠪᠣᠬᠤ ᠶᠢᠨ ᠣᠴᠢᠷ
ᠭᠦᠭᠡ ᠮᠤᠩᠭ᠋ᠤᠯ ᠤᠨ ᠴᠢᠰᠤ ᠶᠤᠮ ᠬᠣᠢ᠌ᠨ᠎ᠠ
ᠭᠦᠤ ᠮᠢᠨᠢ ᠴᠢ ᠴᠡᠭᠡᠵᠢᠯᠡᠵᠤ ᠠᠪ ᠄
ᠡᠷ᠎ᠡ ᠪᠠᠷ ᠡᠷ᠎ᠡ ᠶᠢ ᠣᠯᠳᠠᠭ ᠤᠨ ᠣᠴᠢᠷ ᠲ᠋ᠠᠢ ᠴᠤ
ᠡᠷᠳᠡᠮ ᠶᠢᠡᠷ ᠶᠢᠷᠳᠢᠠᠴᠤ ᠶᠢ ᠣᠯᠳᠠᠭ ᠤᠨ ᠬᠣᠢ᠌ᠨ᠎ᠠ
ᠳᠡᠭ᠍ᠷᠢᠯᠢᠭ᠌ ᠣᠭᠰᠠᠭᠠᠨ ᠤ ᠴᠢᠰᠤ ᠶᠤᠮ ᠪᠣᠯ
ᠵᠥᠪᠭᠡᠨ ᠮᠤᠩᠭ᠋ᠤᠯ ᠳᠠᠭᠠᠨ ᠯᠠ ᠭᠡᠵᠤ ᠯᠤᠭᠰᠢᠳᠠᠭ ᠰᠢᠤ ᠁
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2010 ᠤᠨ ᠤ 01 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ