ᠨᠡᠪᠲᠡᠷᠡᠨ ᠤᠷᠤᠬᠤ
ᠭᠦᠯᠢᠶᠡᠭᠦ ᠶᠠᠭᠤᠮ᠎ᠠ ᠲᠡᠶ ᠠᠮᠢᠳᠤᠷᠠᠯ ᠰᠠᠢ᠌ᠬᠠᠨ

ᠠᠯᠤᠰ ᠤᠨ ᠠᠯᠤᠰ ᠭᠠᠵᠠᠷ ᠳᠤ

ᠠᠵᠢᠯ ᠠᠯᠪᠠᠨ ᠳᠤ ᠶᠠᠭᠠᠷᠠᠵᠤ ᠶᠠᠪᠣᠭ᠎ᠠ ᠭᠦᠮᠤᠨ

ᠠᠭᠯᠠᠭ ᠪᠣᠢ᠌ᠳᠠ ᠡᠭᠡ ᠨᠤᠳᠤᠭ ᠶᠢᠡᠨ

ᠠᠩᠭ᠋ᠠᠬᠠᠢ ᠨᠠᠰᠤᠨ ᠡᠴᠡ ᠨᠢ ᠠᠴᠢᠯᠠᠵᠤ ᠥᠰᠭᠡᠭ᠍ᠰᠡᠨ

ᠠᠪᠣ ᠡᠵᠢ ᠠᠬᠠᠰ ᠵᠠᠬᠠᠰ ᠶᠢᠡᠨ ᠮᠥᠷᠦᠭᠡᠳᠤᠨ

ᠠᠢ᠌ᠯᠴᠢᠯᠠᠵᠤ ᠭᠦᠷᠭᠦ ᠬᠤᠨᠤᠭ ᠠᠪᠴᠢᠭᠠᠨ

ᠠᠶᠤᠤᠯᠢᠬᠠᠢ ᠴᠡᠭᠡᠵᠢᠨ ᠳᠡᠭᠡᠨ ᠪᠠᠶᠠᠰᠴᠤ ᠰᠠᠭᠤᠬᠤ

ᠭᠦᠯᠢᠶᠡᠭᠦ ᠶᠠᠭᠤᠮ᠎ᠠ ᠲᠡᠶ ᠠᠮᠢᠳᠤᠷᠠᠯ ᠰᠠᠢ᠌ᠬᠠᠨ᠃

ᠬᠤᠩᠭ᠋ᠤᠷᠬᠠᠨ ᠨᠠᠮᠤᠷ ᠤᠨ ᠣᠯᠠᠷᠢᠯ ᠰᠠᠮᠠᠷᠠᠨ

ᠬᠤᠮᠪᠣᠭᠠᠷ ᠨᠠᠪᠴᠢᠰ ᠪᠣᠯᠪᠠᠰᠤᠷᠠᠵᠤ ᠣᠨᠠᠬᠤ ᠳᠤ

ᠬᠤᠯᠠ ᠶᠢᠨ ᠠᠯᠪᠠ ᠲᠡᠶ ᠠᠮᠠᠷᠠᠭ ᠬᠤᠶᠠᠷ

ᠬᠤᠨᠤᠭ ᠡᠳᠦᠷ ᠢ ᠳᠤᠷᠠᠰᠤᠯ ᠶᠢᠡᠷ ᠳᠦᠭᠦᠷᠭᠡᠨ

ᠠᠰᠳᠠᠭᠠᠨ ᠵᠢᠷᠦᠭᠡᠨ ᠤ ᠠᠳᠠᠯᠢᠬᠠᠨ ᠯᠤᠭᠰᠢᠯᠳᠠ ᠪᠠᠷ

ᠠᠶᠠᠨ ᠤ ᠣᠷᠳᠤᠬᠠᠨ ᠵᠠᠢ ᠶᠢ ᠪᠣᠭᠤᠨᠢᠰᠬᠠᠵᠤ

ᠭᠦᠯᠢᠶᠡᠭᠦ ᠶᠠᠭᠤᠮ᠎ᠠ ᠲᠡᠶ ᠠᠮᠢᠳᠤᠷᠠᠯ ᠰᠠᠢ᠌ᠬᠠᠨ᠃

ᠭᠦᠭᠡᠷᠦᠭᠦᠨ ᠨᠢᠯᠬ᠎ᠠ ᠭᠦᠤ ᠶᠢᠨ ᠶᠢᠡᠨ

ᠪᠣᠠᠳᠤᠭᠤᠷ ᠬᠠᠴᠠᠷ ᠢ ᠨᠢ ᠥᠭᠦᠭᠡᠷᠳᠤᠨ ᠥᠭᠦᠭᠡᠷᠳᠤᠨ

ᠭᠦᠰᠡᠯ ᠬᠠᠢ᠌ᠷ᠎ᠠ ᠶᠢᠨ ᠳᠤᠷᠭᠠᠨ ᠠᠯᠠᠭᠠᠨ ᠳᠠᠭᠠᠨ

ᠪᠣᠮᠠᠨ ᠰᠠᠢ᠌ᠬᠠᠨ ᠵᠦᠩᠨᠠᠯ ᠠᠴᠢᠵᠤ᠂

ᠭᠦᠮᠤᠨ ᠪᠣᠯᠬᠤ ᠶᠢᠨ ᠪᠠᠷᠭᠡ ᠠᠶᠠᠨ ᠳ᠋ᠤᠨᠢ

ᠪᠣᠯᠪᠠᠰᠤᠨ ᠶᠤᠰᠤᠨ ᠤ ᠭᠦᠮᠦᠵᠢᠯ ᠨᠠᠪᠴᠢᠨ

ᠭᠦᠷᠭᠦ ᠢᠷᠡᠭᠡᠳᠦᠢ ᠳᠡᠭᠡᠨ ᠢᠳᠡᠭᠡᠯ ᠳᠦᠭᠦᠷᠭᠦ ᠶᠢ

ᠪᠣᠳᠤᠨ ᠪᠣᠳᠤᠨ ᠰᠠᠨᠠᠭᠠᠰᠢᠷᠠᠵᠤ ᠶᠠᠪᠣᠬᠤ

ᠭᠦᠯᠢᠶᠡᠭᠦ ᠶᠠᠭᠤᠮ᠎ᠠ ᠲᠡᠶ ᠠᠮᠢᠳᠤᠷᠠᠯ ᠰᠠᠢ᠌ᠬᠠᠨ᠃

ᠨᠠᠢ᠌ᠳᠠᠯ ᠭᠦᠰᠡᠯ ᠲᠡᠶ ᠨᠢ ᠬᠠᠮᠳᠤ ᠮᠡᠡᠳᠦᠯᠡᠭᠦ ᠶᠢ

ᠨᠠᠢ᠌ᠷᠠᠭ ᠪᠢᠴᠢᠳᠡᠭ᠌ ᠭᠦᠮᠤᠨ ᠭᠦᠰᠡᠳᠡᠭ᠌ ᠣᠴᠢᠷ

ᠨᠠᠳᠠᠳᠤ ᠬᠠᠪᠢᠳᠠᠬᠤ ᠲᠤᠬᠢᠶᠠᠯ ᠮᠢᠨᠢ ᠮᠡᠳᠡᠭ᠌ ᠭᠡᠵᠤ

ᠨᠠᠮᠵᠢᠵᠤ ᠶᠠᠳᠠᠬᠤ ᠳᠤᠭᠳᠤᠯᠤᠯ ᠳᠠᠷᠤᠭᠤᠰᠢᠭᠤᠯᠤᠨ᠂

ᠨᠠᠢ᠌ᠷᠠᠭᠤᠯᠵᠤ ᠳᠠᠷᠬᠠᠭᠠᠭᠰᠠᠨ ᠰᠤᠨᠢᠨ ᠰᠡᠳᠭᠦᠯ ᠢ

ᠨᠠᠷᠢᠨ ᠣᠩᠰᠢᠵᠤ ᠨᠠᠷᠢᠯᠢᠭ ᠰᠠᠳᠭᠢᠨ

ᠨᠠᠩ ᠭᠦᠡᠵᠡᠭᠡᠢ ᠰᠤᠳᠤᠯᠤᠨ ᠰᠢᠡᠵᠢᠯᠡᠭᠦ

ᠭᠦᠯᠢᠶᠡᠭᠦ ᠶᠠᠭᠤᠮ᠎ᠠ ᠲᠡᠶ ᠠᠮᠢᠳᠤᠷᠠᠯ ᠰᠠᠢ᠌ᠬᠠᠨ ᠡ᠃


ᠬᠠᠶ‍ᠢᠭ᠄ ᠳᠦᠡᠭᠯᠢᠶ‍ᠦᠤ ᠬᠤᠳᠠ ᠶᠢᠨ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ