☆ ᠭᠢᠶᠠᠨ ᠠᠵᠢᠨᠠᠢ
ᠶᠠᠪᠣᠬᠤ ᠳᠤᠳᠤᠮ ᠳᠦᠭ᠍ᠰᠢᠭᠦᠷᠢ ᠰᠢᠭ᠌
᠊᠊᠊᠊᠊᠊᠊᠊᠊᠊᠊᠊᠊᠊᠊ ᠭᠠ᠊·ᠰᠢᠷᠠᠪᠵᠠᠮᠰᠤ ᠵᠢᠨ《ᠠᠠᠵᠢᠰᠤᠨ ᠬᠤᠰᠢᠭᠤᠨ ᠳᠤᠤᠷᠠᠭᠢ ᠦᠪᠣᠷ ᠮᠤᠠᠩᠭ᠋ᠤᠯ》 ᠊ᠢ ᠤᠩᠰᠢᠭᠡᠳ
ᠲ᠋ᠡᠭ᠍ᠷᠢ ᠥᠭᠡᠳᠡ ᠣᠯᠢᠭᠰᠠᠨ ᠳᠠᠯᠳᠤ ᠭᠦᠭᠡ ᠴᠢᠨ᠋ᠸ᠎ᠠ
ᠭᠠᠵᠠᠷ ᠣᠷᠤᠭᠤ ᠴᠠᠷᠪᠠᠭᠰᠠᠨ ᠢᠳᠠᠷ ᠭᠦᠷᠡᠩ ᠪᠦᠷᠭᠦᠤᠨ
ᠭᠠᠯᠪᠠ ᠶᠢᠨ ᠡᠯᠢᠭᠡ ᠶᠢ ᠳᠠᠪᠳᠤᠳᠠᠯ᠎ᠠ ᠳᠤᠰᠤᠯᠤᠭᠰᠠᠨ ᠮᠦᠰᠤᠨ ᠨᠢᠯᠪᠣᠰᠤ
ᠭᠤᠳᠤᠭᠠᠯ ᠭᠦᠳᠭᠡᠯ ᠳᠤ ᠴᠤᠭᠰᠢᠨ ᠮᠠᠨᠠᠭᠳᠠᠭᠰᠠᠨ ᠭᠦᠭᠡ ᠲᠦᠯᠤ
ᠦᠷᠦᠭᠡᠯ ᠤᠨ ᠳᠦᠷᠢᠯᠳᠠ ᠳᠤ ᠠᠶᠠᠰᠬᠤ ᠭᠡᠪᠷᠡᠭ᠌ ᠵᠠᠶᠠᠭᠠᠨ ᠤ ᠳᠤᠶᠠᠴᠢᠯ
ᠦᠪᠡᠷ ᠢ ᠪᠠᠨ ᠭᠤᠯᠤᠵᠤ ᠴᠥᠭᠦᠷᠡᠭ᠍ᠰᠡᠨ ᠴᠠᠯᠭᠠᠢ ᠪᠣᠳᠤᠯ ᠤᠨ ᠵᠢᠮᠠᠯᠠᠯ
ᠡᠭᠡᠵᠤ ᠪᠣᠴᠠᠬᠤ ᠵᠠᠶᠠᠭᠠᠨ ᠳ᠋ᠠᠭᠢ ᠭᠦᠡᠳᠤ ᠴᠢᠭᠢᠮᠠᠢ ᠳᠤᠩᠭ᠋ᠠᠯ
ᠡᠭᠦᠷᠢᠳᠡ ᠴᠡᠭᠡᠵᠢᠯᠡᠵᠤ ᠶᠠᠪᠣᠬᠤ ᠶᠢᠨ ᠳᠡᠦᠭᠡᠨ ᠭᠠᠰᠢᠭᠤᠨ ᠡᠪᠠᠷᠰᠢᠶᠡᠯ
ᠠᠳᠤᠭᠠᠨ ᠤ ᠪᠠᠨ ᠠᠷᠤ ᠡᠴᠠ ᠥᠭᠡᠢ᠌ᠯᠡᠨ ᠭᠤᠷᠠᠢ᠌ᠯᠠᠭᠠ ᠡᠷᠢᠯᠴᠢᠨ ᠡᠷ᠎ᠡ
ᠠᠯᠳᠠᠭᠰᠠᠨ ᠵᠢᠡᠨ ᠡᠭᠡᠭᠦᠯᠭᠦ ᠪᠠᠷ ᠰᠢᠠᠳᠠᠰᠤ ᠴᠢᠩᠭ᠋ᠠᠯᠠᠭᠠ ᠮᠤᠩᠭ᠋ᠤᠯ ᠭᠦᠮᠤᠨ
ᠭᠦᠴᠤ ᠵᠠᠳᠠᠭᠠᠢ᠌ᠷᠠᠭᠰᠠ ᠴᠤ ᠨᠤᠳᠤᠭ ᠳᠡᠭᠡᠳᠦᠯᠡᠳᠡᠭ᠌ ᠰᠡᠳᠭᠢᠯ ᠤᠨ ᠳᠡᠩᠭᠡᠭᠡ
ᠭᠦᠯᠦᠭ᠌ ᠴᠤᠴᠠᠭᠰᠠᠨ ᠴᠤ ᠤᠷᠭ᠎ᠠ ᠭᠦᠷᠳᠡᠭ᠌ ᠮᠤᠩᠭ᠋ᠤᠯ ᠵᠤᠷᠢᠭ
ᠣᠠᠳᠠᠭᠰᠠᠨ ᠳᠡᠦᠭᠡ ᠵᠢ ᠮᠦᠨ ᠶᠢᠡᠷ ᠦᠴᠢᠭᠯᠡᠭ᠍ᠰᠡᠨ ᠰᠢᠳᠤᠷᠭᠤ ᠪᠢᠴᠢᠭᠡᠴᠢ
ᠠᠯᠮᠠᠢ᠌ᠷᠠᠭᠰᠠᠨ ᠵᠡᠭᠦᠳᠤᠨ ᠢ ᠳᠠᠭᠤᠳᠠᠨ ᠰᠡᠷᠢᠭᠡᠭ᠍ᠴᠢ ᠦᠣᠷ ᠤᠨ ᠰᠢᠪᠠᠭᠤ
ᠡᠭᠡ ᠶᠢᠨ ᠬᠠᠢ᠌ᠷ᠎ᠠ ᠳᠤ ᠰᠥᠭᠦᠷᠡᠨ ᠮᠥᠯᠭᠦᠭᠡ ᠦᠷᠤ ᠵᠥᠭᠡᠯᠡᠨ ᠦᠯᠮᠡᠢ
ᠡᠴᠢᠭᠡ ᠶᠢᠨ ᠰᠦᠷ ᠲ᠋ᠤ ᠮᠦᠷᠭᠦᠨ ᠠᠮᠠᠯᠠᠭᠠ ᠪᠠᠳᠤ ᠴᠢᠩᠭ᠎ᠠ ᠠᠠᠳᠠᠭᠠᠢ ︕
ᠶᠠᠪᠣᠬᠤ ᠳᠤᠳᠤᠮ ᠳᠦᠭ᠍ᠰᠢᠭᠦᠷᠢ ᠰᠢᠭ᠌
ᠠᠰᠢᠭ ᠤᠨ ᠰᠢᠨᠤᠯ ᠣᠯᠠᠢ᠌ᠷᠠᠨ ᠣᠯᠠᠩᠭᠠᠳᠴᠤ
ᠡᠳ᠋ ᠠᠭᠤᠷᠠᠰᠤᠨ ᠬᠤᠷᠮᠤᠭᠠᠯᠠᠨ ᠴᠥᠯᠪᠠᠭ᠍ᠳᠡᠨᠡ
ᠶᠠᠪᠣᠭᠤᠯ ᠢᠷᠭᠡᠨ ᠶᠠᠭᠰᠢᠷᠠᠳᠠᠯ᠎ᠠ ᠳᠦᠭᠦᠷᠴᠤ
ᠢᠮᠠᠭᠠᠨ ᠰᠦᠷᠦᠭ᠌ ᠦᠵᠡᠳᠠᠯ᠎ᠠ ᠴᠥᠭᠡᠭᠡᠷᠡᠨᠡ
ᠭᠦᠯᠦᠰᠤᠨ ᠮᠠᠯᠴᠢᠨ ᠳᠠᠭᠢᠨ ᠵᠢᠡᠷ ᠨᠡᠮᠡᠭ᠍ᠳᠡᠵᠤ
ᠬᠤᠳᠠ ᠭᠦᠷᠢᠶ᠎ᠡ ᠠᠶᠠᠠᠳᠠᠭᠠᠨ ᠡᠵᠡᠭᠦᠢᠷᠡᠨ᠎ᠡ
ᠬᠤᠷ᠎ᠠ ᠪᠣᠷᠤᠭᠠᠨ ᠶᠠᠪᠣᠬᠤ ᠳᠤᠳᠤᠮ ᠶᠠᠷᠪᠢᠭᠯᠠᠵᠤ
ᠬᠠᠢ᠌ᠷ ᠡᠯᠡᠰᠤ ᠰᠢᠭᠤᠷᠠᠬᠤ ᠳᠤᠳᠤᠮ ᠰᠢᠷᠦᠭᠦᠰᠤᠨᠡ
ᠠᠰᠠᠷ ᠳᠠᠭᠳᠤ ᠣᠢ ᠰᠢᠭ ᠰᠢᠭᠣᠢ᠌ᠷᠠᠵᠤ
ᠣᠨᠤᠭ᠎ᠠ ᠮᠠᠰᠢᠨ ᠢᠯᠠᠭ᠎ᠠ ᠰᠢᠭ ᠦᠩᠭᠢᠨᠠᠨᠡ
ᠣᠳᠤᠭ᠎ᠠ ᠳᠤᠭᠤᠰᠤ ᠮᠠᠨᠠᠨ ᠰᠢᠭ ᠭᠦᠰᠢᠭᠯᠡᠵᠤ
ᠣᠳᠤᠷ ᠳᠤᠪᠣ ᠳᠤᠮᠤᠭ ᠰᠢᠭ ᠶᠠᠷᠢᠭᠳᠠᠨ᠎ᠠ
ᠣᠰᠤ ᠭᠤᠤᠯ ᠨᠢᠯᠪᠣᠰᠤ ᠰᠢᠭ ᠲ᠋ᠦᠯᠪᠦᠷᠡᠵᠤ
ᠠᠭᠤᠯᠠ ᠬᠠᠢ᠌ᠷᠬᠠᠨ ᠭᠡᠯᠦᠩ ᠰᠢᠭ᠌ ᠮᠤᠯᠳᠣᠢ᠌ᠨᠠ
ᠡᠪᠠᠰᠤ ᠪᠠᠯᠴᠢᠭᠡᠷ ᠬᠤᠵᠢᠭᠢᠷ ᠰᠢᠭ ᠬᠤᠵᠠᠢ᠌ᠵᠤ
ᠠᠷᠢᠶᠠᠳᠠᠨ ᠵᠢᠭᠦᠷᠳᠡᠨ ᠰᠤᠯᠢᠷ ᠰᠢᠭ ᠬᠠᠷᠠᠭᠳᠠᠨ᠎ᠠ᠁
ᠶᠠᠪᠣᠬᠤ ᠳᠤᠳᠤᠮ ᠳᠦᠭ᠍ᠰᠢᠭᠦᠷᠢ ᠰᠢᠭ᠌
ᠶᠠᠭᠠᠭᠢᠬᠤ ᠶᠢᠨ ᠠᠷᠭ᠎ᠠ ᠦᠭᠡᠶ ᠵᠢᠷᠦᠭᠡ ᠳᠦᠭ᠍ᠰᠢᠨ᠎ᠡ
ᠳᠡᠭ᠍ᠷᠢ ᠶᠢᠨ ᠰᠠᠯᠭᠢ ᠳᠡᠭ᠍ᠰᠢ ᠥᠭᠡᠢ
ᠳᠠᠷᠠ ᠬᠤᠯᠠ ᠶᠢᠨ ᠪᠠᠷᠠᠭ᠎ᠠ ᠳᠤᠳᠤᠷᠬᠠᠢ ᠥᠭᠡᠢ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤᠨ ᠳ᠋ᠠᠭᠢ ᠪᠠᠶᠠᠠᠬᠤᠰᠢᠭᠤ ᠵᠢᠭᠤᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10061
ᠴᠠᠭ᠄ 2012 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ