☆ ᠪᠦᠭᠡᠵᠢᠷᠭᠠᠯ
ᠤᠰᠤ ᠶᠢ ᠬᠠᠢ᠌ᠷᠠᠯᠠᠵᠠᠭᠠᠶᠠ
3 ᠰᠠᠷ᠎ᠠ ᠶᠢᠨ 22 ᠵᠢᠨ《ᠳᠡᠯᠡᠭᠡᠢ ᠶᠢᠨ ᠣᠰᠤᠨ ᠤ ᠡᠳᠦᠷ》᠊ᠢ ᠳᠤᠷᠰᠬᠠᠬᠤ ᠳ᠋ᠤ
ᠣᠰᠤ ᠭᠡᠵᠤ ᠳᠡᠯᠡᠭᠡᠢ ᠡᠵᠢ ᠶᠢᠨ ᠠᠮᠢᠯᠠᠯ ᠤᠨ ᠨᠤᠭᠤᠭᠠᠨ ᠴᠢᠰᠤ ᠶᠤᠮ
ᠣᠰᠤ ᠭᠡᠵᠤ ᠲᠦᠮᠡᠨ ᠪᠣᠳᠠᠰ ᠤᠨ ᠣᠷᠤᠰᠢᠨ ᠳᠤᠭᠳᠠᠨᠢᠬᠤ ᠶᠢᠨ ᠰᠢᠮ᠎ᠠ ᠶᠤᠮ
ᠴᠢᠰᠤ ᠰᠢᠮ᠎ᠠ ᠠᠯᠢᠪᠠ ᠪᠠᠨ ᠡᠷᠭᠦᠭ᠍ᠰᠡᠨ ᠳᠡᠯᠡᠭᠡᠢ ᠡᠵᠢ ᠪᠠᠨ ᠭᠡᠵᠤ ᠪᠣᠳᠤᠪᠠᠯ
ᠴᠠᠭ ᠢᠮᠠᠭᠳᠠ ᠣᠰᠤᠨ ᠤ ᠥᠷᠳᠡᠭ᠌ ᠢ ᠳᠠᠨᠢᠵᠤ ᠶᠠᠪᠣᠭᠠᠰᠠᠢ᠂ ᠭᠦᠮᠦᠰ ᠡ︕
ᠲ᠋ᠤᠩᠭ᠋ᠠᠯᠠᠭ ᠰᠠᠢ᠌ᠬᠠᠨ ᠭᠤᠤᠯ ᠭᠤᠷᠤᠬ᠎ᠠ ᠨᠢ ᠣᠰᠤ ᠪᠠᠨ ᠠᠯᠳᠠᠵᠤ ᠰᠢᠷᠭᠢᠭᠦ ᠶᠢ ᠶᠠᠭᠠᠭᠢᠶ᠎ᠠ
ᠳᠤᠯᠢ ᠰᠢᠭ ᠭᠡᠭᠡᠨ ᠨᠠᠭᠤᠷ ᠴᠥᠭᠦᠷᠦᠮ ᠨᠢ ᠭᠡᠪᠠᠯᠢ ᠳᠤᠠᠳᠠᠷᠠᠨ ᠠᠪᠴᠢᠬᠤ ᠶᠢ ᠶᠠᠭᠠᠭᠢᠶ᠎ᠠ
ᠣᠰᠤᠨ ᠤ ᠡᠭᠢ ᠪᠠᠶᠠᠯᠢᠭ ᠤᠨ ᠲᠡᠩᠴᠡᠬᠦᠷᠢ ᠶᠢ ᠨᠢ ᠠᠯᠳᠠᠭᠤᠯᠤᠭᠠ ᠨᠢ ᠭᠡᠨ ᠪᠣᠢ︖
ᠣᠬᠠᠭᠠᠨ ᠨᠢ ᠭᠦᠭ᠍ᠵᠢᠪᠠᠴᠤ ᠬᠤᠵᠢᠮ ᠶᠢᠡᠨ ᠪᠣᠳᠤᠳᠠᠭ ᠦᠭᠡᠶ ᠭᠦᠮᠤᠨ ᠶᠠᠰᠤᠳᠠᠨ ᠯᠠ ᠪᠢᠰᠢ ᠦᠦ︖
ᠬᠤᠤᠠᠳᠤᠭ ᠪᠣᠯᠠᠭ ᠤᠨ ᠶᠢᠡᠨ ᠴᠡᠩᠭᠡᠭ᠌ ᠣᠰᠤ ᠶᠢ ᠪᠣᠤ ᠳᠡᠩᠳᠡᠭᠦᠤ ᠪᠦᠷᠢᠯᠭᠡᠶᠡ
ᠬᠤᠭᠤᠯᠠᠢ ᠭᠤᠤᠷᠰᠤ ᠪᠠᠷ ᠭᠤᠳᠤᠷᠠᠭᠤᠯ ᠦᠭᠡᠶ ᠪᠣᠤ ᠳᠡᠩᠳᠡᠭᠦᠤ ᠣᠷᠤᠰᠬᠠᠶᠠ
ᠭᠤᠤᠯ ᠮᠦᠷᠠᠨ ᠤ ᠪᠠᠨ ᠴᠡᠪᠠᠷᠭᠡᠨ ᠣᠰᠤ ᠶᠢ ᠪᠣᠤ ᠳᠡᠩᠳᠡᠭᠦᠤ ᠪᠣᠵᠠᠷᠳᠠᠭᠤᠯᠤᠶᠠ
ᠭᠠᠩᠭ᠋ᠠᠩ ᠠᠯᠠᠭ ᠨᠢᠳᠤ ᠪᠠᠨ ᠰᠢᠭ᠌ ᠳᠤᠩᠭ᠋ᠠᠯᠠᠭ ᠰᠠᠢ᠌ᠬᠠᠨ ᠪᠠᠢ᠌ᠯᠭᠠᠶ᠎ᠠ
ᠡᠳᠦᠷ ᠪᠦᠷᠢ ᠰᠠᠯᠵᠤ ᠪᠣᠯᠤᠰᠢ ᠦᠭᠡᠶ ᠣᠰᠤ ᠭᠡᠭ᠍ᠴᠢ ᠰᠢᠳᠢᠳᠠᠨ ᠤ ᠪᠠᠨ
ᠡᠭᠡᠯ ᠪᠣᠰᠤ ᠶᠢᠨ ᠣᠢ᠌ᠯᠠᠳᠤᠯ ᠢ ᠨᠢ ᠳᠠᠨᠢᠵᠤ ᠪᠦᠭᠦᠳᠡ ᠪᠦᠭᠦᠳᠡᠭᠡᠷ ᠶᠢᠡᠨ ᠬᠠᠢ᠌ᠷᠠᠯᠠᠵᠠᠭᠠᠶᠠ
ᠭᠡᠵᠢᠶ᠎ᠡ ᠬᠠᠮᠢᠭ᠎ᠠ ᠴᠤ ᠳᠤᠳᠠᠭᠳᠠᠵᠤ ᠪᠣᠯᠤᠰᠢ ᠦᠭᠡᠶ ᠠᠮᠢ ᠨᠠᠰᠤᠨ ᠤ ᠳᠦᠰᠢᠭ᠌ ᠭᠡᠵᠤ
ᠬᠡᠦᠬᠡᠳ ᠬᠣᠢ᠌ᠴᠢᠰ ᠲᠠᠭᠠᠨ ᠥᠷᠭᠦᠯᠵᠢ ᠰᠠᠨᠠᠭᠤᠯᠵᠤ ᠠᠷᠪᠢᠯᠠᠵᠤ ᠭᠠᠮᠨᠠᠬᠤ ᠶᠢ ᠰᠤᠷᠭᠠᠵᠠᠭᠠᠶᠠ᠃
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ