ᠨᠡᠪᠲᠡᠷᠡᠨ ᠤᠷᠤᠬᠤ
ᠰᠢᠨ᠎ᠠ ᠭᠦᠮᠤᠨ ᠳᠦᠷᠦᠭᠦᠢ

ᠰᠢᠨ᠎ᠡ ᠭᠦᠮᠤᠨ ᠳᠦᠷᠦᠭᠦᠢ ᠳ᠋ᠤ  

ᠨᠠᠷᠠᠨ ᠤ ᠭᠡᠷᠡᠯ ᠭᠦᠷᠳᠡᠯ᠎ᠡ ᠬᠠᠨ᠎ᠠ ᠮᠦᠷᠭᠦᠨ ᠰᠥᠭᠦᠷᠡᠵᠤ  

ᠨᠠᠮᠠᠬᠠᠨ ᠦᠷᠭᠦᠭᠡᠨ ᠤ ᠥᠳᠡᠭᠡᠷᠢ ᠭᠦᠷᠳᠡᠯ᠎ᠡ ᠱᠠᠷᠭᠢᠷᠠᠵᠤ  

ᠨᠢᠭᠡ ᠪᠠᠶ᠎ᠠ ᠶᠢ ᠪᠣᠭᠤᠬᠤ ᠠᠭᠠᠷ ᠭᠦᠷᠳᠡᠯ᠎ᠡ ᠳᠡᠯᠡᠭ᠍ᠳᠡᠵᠤ

ᠬᠤᠶᠠᠷ ᠶᠠᠰᠤ ᠮᠤᠯᠳᠤᠷᠬᠤ ᠳᠤ ᠠᠭᠤᠯᠠᠰ ᠭᠦᠷᠳᠡᠯ᠎ᠡ ᠳᠠᠢ᠌ᠤᠠᠬᠤᠷᠠᠨ᠎ᠠ

    *         *         *  

ᠴᠡᠩᠭᠡᠷ ᠵᠦᠩᠵᠠᠨ ᠳᠤ ᠳᠡᠭ᠍ᠷᠢ ᠶᠢᠨ ᠳᠠᠷᠠᠰᠤ ᠶᠢ ᠭᠡᠮᠨᠡᠭᠦ

ᠥᠮᠦᠯᠵᠡᠭ᠍ᠰᠡᠨ ᠢᠷᠭᠤᠢ ᠭᠤᠶᠤᠭᠠᠤᠨ ᠠᠪᠴᠢᠷᠠᠭᠰᠠᠨ ᠪᠣᠯ ᠤᠤ  

ᠮᠡᠳᠡᠭᠦ ᠭᠦᠮᠤᠨ ᠠᠯᠠᠭ᠎ᠠ

ᠴᠡᠯᠡᠢ᠌ᠭᠦ ᠭᠦᠡᠳᠡᠢ ᠪᠠᠷ ᠶᠢᠡᠨ ᠬᠠᠳᠠᠭ ᠤᠨ ᠣᠰᠤᠨ ᠤ ᠮᠡᠡᠳᠦᠴᠢᠯᠡᠭᠡ ᠳᠠᠢ  

ᠥᠡᠳᠡᠯᠵᠡᠭ᠍ᠰᠡᠨ ᠠᠭᠤᠯᠠᠰ ᠨᠢ ᠵᠠᠯᠪᠢᠷᠠᠭᠠᠤᠨ ᠠᠪᠴᠢᠷᠠᠭᠰᠠᠨ ᠪᠣᠯ ᠤᠤ  

ᠮᠡᠳᠡᠭᠦ ᠭᠦᠮᠤᠨ ᠠᠯᠠᠭ᠎ᠠ  

ᠨᠡᠭᠦᠳᠡᠯ ᠳᠤ ᠣᠷᠭᠢᠭᠰᠠᠨ ᠭᠦᠭᠡ ᠠᠯᠠᠭ ᠴᠢᠯᠠᠭᠤᠳ ᠣᠭᠢᠯᠠᠯᠳᠤᠨ  

ᠪᠦᠯᠢᠶᠡᠯᠡᠵᠤ ᠨᠠᠭᠠᠳᠬᠤ ᠬᠡᠦᠬᠡᠳ ᠶᠢᠡᠨ ᠥᠭᠡᠢ᠌ᠯᠡᠭ᠍ᠰᠡᠨ ᠪᠣᠯ ᠤᠤ  

ᠮᠡᠳᠡᠭᠦ ᠭᠦᠮᠤᠨ ᠠᠯᠠᠭ᠎ᠠ  

ᠨᠥᠭᠡᠨ ᠤ ᠠᠮᠠᠰᠠᠷ ᠪᠣᠷᠤ ᠵᠤᠷᠮ᠎ᠠ ᠱᠤᠪᠣᠢ᠌ᠯᠳᠤᠨ  

ᠠᠯᠢᠶᠠᠯᠠᠨ ᠨᠢᠭᠤᠯᠴᠠᠬᠤ ᠨᠢᠯᠬᠠᠰ ᠶᠢᠡᠷ ᠳᠤᠳᠠᠭᠰᠠᠨ ᠪᠣᠯ ᠤᠤ  

ᠮᠡᠳᠡᠭᠦ ᠭᠦᠮᠤᠨ ᠠᠯᠠᠭ᠎ᠠ  

ᠭᠦᠭᠡ ᠨᠤᠭᠤᠭᠠᠨ ᠳᠡᠭᠡᠷ᠎ᠡ ᠭᠡᠮᠭᠡᠷᠡᠭᠦ ᠮᠤᠷᠳᠠᠭᠤᠯᠤᠭᠰᠠᠨ ᠭᠡᠦᠭᠡᠨ ᠤ ᠨᠢᠯᠪᠣᠰᠤ  

ᠣᠭᠤᠷᠠᠭᠯᠠᠭᠠᠤᠨ ᠴᠢᠨᠦᠭ᠍ᠰᠡᠨ ᠪᠣᠯ ᠤᠤ  

ᠮᠡᠳᠡᠭᠦ ᠭᠦᠮᠤᠨ ᠠᠯᠠᠭ᠎ᠠ  

ᠭᠦᠳᠦᠯ ᠰᠢᠯᠢ ᠶᠢᠨ ᠵᠢᠷᠭᠡᠯᠭᠡ ᠠᠷᠠᠤᠨ ᠤᠨ ᠳᠠᠭᠤᠨ ᠤ ᠠᠶᠠᠯᠭᠤ  

ᠥᠯᠦᠭᠡᠢ᠌ᠳᠡᠭᠦ ᠪᠠᠷ ᠨᠠᠯᠠᠢ᠌ᠭᠰᠠᠨ ᠪᠣᠯ ᠤᠤ  

ᠮᠡᠳᠡᠭᠦ ᠭᠦᠮᠤᠨ ᠠᠯᠠᠭ᠎ᠠ  

ᠮᠡᠯᠳᠡᠭᠡᠨᠡᠭ᠍ᠰᠡᠨ ᠠᠯᠠᠭ ᠬᠤᠶᠠᠷ ᠨᠢᠳᠤ ᠶᠢ ᠨᠢ ᠰᠢᠷᠳᠠᠯ᠎ᠠ ᠴᠤ  

ᠮᠡᠳᠡᠭᠦ ᠶᠠᠭᠤᠮ᠎ᠠ ᠠᠯᠠᠭ᠎ᠠ  

ᠮᠡᠯᠡᠯᠵᠡᠭ᠍ᠰᠡᠨ ᠴᠡᠩᠭᠡᠷ ᠣᠰᠤ ᠪᠠᠷ ᠪᠦᠦᠪᠠᠢ᠌ᠯᠡᠭ᠍ᠰᠡᠨ ᠰᠢᠮᠠᠳᠤ ᠳᠡᠯᠡᠭᠡᠢ ᠣᠷᠢᠶᠠᠭᠰᠠᠨ ᠪᠠᠢ᠌ᠭ᠎ᠠ  

ᠮᠡᠩᠳᠡᠭᠦᠷᠭᠦ ᠳᠠᠮᠵᠢᠶ᠎ᠠ ᠪᠠᠨ ᠣᠯᠬᠤ ᠦᠭᠡᠶ ᠭᠠᠷ ᠭᠦᠯ ᠢ ᠨᠢ ᠰᠢᠷᠳᠠᠯ᠎ᠠ ᠴᠤ  

ᠮᠡᠳᠡᠭᠦ ᠶᠠᠭᠤᠮ᠎ᠠ ᠠᠯᠠᠭ᠎ᠠ  

ᠮᠡᠩᠭᠡ ᠨᠢ ᠭᠤᠤᠯᠯᠠᠭᠰᠠᠨ ᠵᠤᠷᠢᠭ ᠶᠢᠡᠷ ᠠᠮᠢᠳᠤᠷᠠᠯ ᠯᠠ ᠳᠡᠭᠦᠨ ᠢ ᠭᠦᠯᠢᠶᠡᠨ ᠪᠠᠢ᠌ᠭ᠎ᠠ  


                   2011.2.23


ᠵᠤᠬᠢᠶᠠᠭᠴᠢ ᠶᠢᠨ ᠬᠠ‍‌ᠶᠢᠭ ᠄ ᠪᠠᠭᠠᠷᠢᠨ

ᠵᠤᠬᠢᠶᠠᠭᠴᠢ᠄ ᠫᠣ·ᠰᠠᠨᠠᠭᠠᠷᠠᠪᠣᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2670
ᠴᠠᠭ᠄ 2011 ᠤᠨ ᠤ 02 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ