ᠨᠡᠪᠲᠡᠷᠡᠨ ᠤᠷᠤᠬᠤ
ᠲᠡᠭᠷᠢ ᠶᠢᠨ ᠡᠯᠴᠢ ᠪᠤᠯᠤᠨ《ᠲᠦᠢᠳᠬᠡᠷ ᠲᠠᠢ ᠠᠳ》

ᠡᠨᠡ ᠪᠣᠯ ᠳᠡᠭᠡᠷ᠎ᠡ ᠵᠠᠭᠤᠨ ᠤ ᠳᠠᠯᠠᠭᠠᠤᠨ ᠣᠨ ᠳᠤ ᠭᠠᠷᠤᠭᠰᠠᠨ ᠪᠣᠳᠠᠳᠤ ᠣᠴᠢᠷ ᠶᠤᠮ᠃

ᠨᠠᠮᠠᠶ᠋ᠢ ᠨᠢ᠋ᠮᠠᠬᠠᠨ ᠰᠠᠷ᠎ᠠ ᠲᠡᠶ ᠪᠠᠢ᠌ᠬᠤ ᠳᠤ 《ᠨᠤᠭᠤᠰᠤᠨ ᠤ ᠪᠣᠷᠤ ᠡᠳ᠋ ᠤᠨ ᠦᠷᠪᠢᠰᠤᠯ》 ᠭᠡᠭᠦ ᠬᠠᠯᠳᠠᠪᠣᠷᠢᠳᠤ ᠡᠪᠠᠦᠡᠴᠢᠨ ᠳᠠᠭᠠᠷᠢᠵᠤ᠂ ᠬᠤᠷᠢ ᠬᠤᠨᠤᠭ ᠬᠠᠯᠠᠭᠤᠷᠠᠭᠠᠤᠨ ᠣᠯᠠᠭᠠᠠᠬᠠᠳᠠ ᠬᠤᠳᠠ ᠶᠢᠨ ᠡᠮᠨᠡᠯᠭᠡ ᠶᠢᠨ ᠬᠤᠷᠢᠶ᠎ᠠ ᠳᠤ ᠪᠦᠭᠦ ᠭᠦᠴᠤ ᠪᠠᠷ ᠡᠮᠨᠡᠭᠦᠯᠦᠭ᠍ᠰᠡᠨ ᠤ ᠠᠴᠢ ᠪᠠᠷ ᠳᠦᠩᠭᠡᠵᠢ ᠠᠮᠢ ᠮᠤᠯᠳᠠᠷᠠᠭᠠᠤᠨ᠂ 《ᠡᠷᠯᠢᠭ᠌ ᠤᠨ ᠡᠯᠴᠢ》 ᠳᠤ ᠪᠠᠵᠠᠭᠤᠯᠤᠭᠰᠠᠨ ᠨᠢᠭᠡ ᠭᠦᠯ ᠬᠠᠷᠢᠨ ᠵᠡᠮᠳᠡᠭ᠌ ᠪᠣᠯᠵᠠᠢ᠃ ᠳᠤᠬᠠᠢ ᠶᠢᠨ ᠦᠶᠡᠰ᠂ ᠡᠨᠡ ᠡᠪᠠᠦᠡᠴᠢᠨ ᠤ ᠪᠠᠺᠲ᠋ᠸᠷᠢ ᠶᠢ ᠢᠯᠭᠠᠷᠠᠭᠤᠯᠤᠨ ᠭᠠᠷᠭᠠᠵᠤ ᠳᠠᠨᠢᠵᠤ ᠴᠢᠳᠠᠭᠠᠳᠤᠢ ᠪᠠᠢ᠌ᠭᠰᠠᠨ ᠶᠢᠡᠷ᠂ ᠨᠠᠳᠠ ᠯᠤᠭ᠎ᠠ ᠠᠳᠠᠯᠢ ᠬᠤᠭᠤᠴᠠᠭᠠᠨ ᠳᠤ ᠡᠨᠡ ᠡᠪᠠᠦᠡᠴᠢᠨ ᠬᠠᠯᠳᠠᠪᠣᠷᠢᠯᠠᠭᠰᠠᠤᠨ ᠢ ᠵᠠᠰᠠᠵᠤ ᠴᠢᠳᠠᠬᠤ ᠦᠭᠡᠶ ᠪᠠᠢ᠌ᠵᠤ ᠠᠷᠪᠢᠨ ᠨᠢ ᠳᠠᠮᠫᠣᠷᠠᠬᠤ ᠪᠣᠶᠤ ᠠᠮᠢ ᠪᠠᠨ ᠠᠯᠳᠠᠭᠰᠠᠨ ᠨᠢ ᠵᠥᠩᠳᠡᠭᠡᠨ᠃ ᠠᠢ᠌ᠮᠠᠭ ᠤᠨ ᠨᠠᠷᠠᠳᠤ ᠡᠮᠴᠢᠳ ᠡᠭᠡᠯᠵᠢᠯᠡᠨ ᠮᠢᠨᠤ ᠰᠤᠳᠠᠯ ᠢ ᠪᠠᠷᠢᠵᠤ᠂ 《ᠨᠠᠷ᠎ᠠ ᠦᠭᠡᠶ ᠬᠠᠯᠠᠭᠤᠷᠠᠯ》 ᠭᠡᠭᠦ ᠡᠴᠠ ᠥᠭᠡᠷ᠎ᠡ ᠨᠠᠷᠠᠢ᠌ᠳᠤᠯ ᠣᠯᠭᠤᠵᠤ ᠴᠢᠳᠠᠭᠰᠠᠨ ᠦᠭᠡᠶ ᠪᠠᠢ᠌ᠯ᠎ᠠ᠃ ᠠᠪᠣ ᠡᠵᠢ ᠰᠤᠨᠢᠨ ᠤ ᠬᠤᠷᠢᠶᠠᠨ ᠳᠤ ᠠᠵᠢᠯᠯᠠᠳᠠᠭ ᠡᠴᠠ ᠳᠤᠭᠳᠠᠮᠠᠯ ᠴᠠᠯᠢᠩ ᠢᠳᠠᠵᠤ᠂ ᠵᠢᠭᠡᠯᠡᠵᠤ ᠰᠢᠯᠵᠢᠭᠦᠯᠵᠤ ᠪᠠᠢ᠌ᠭᠠᠤᠨ ᠨᠠᠮᠠᠶ᠋ᠢ ᠪᠦᠭᠦ ᠭᠦᠴᠤ ᠪᠠᠷ ᠡᠮᠨᠡᠭᠦᠯᠤᠨ ᠥᠭᠦᠯ ᠤᠨ ᠭᠦᠪ ᠡᠴᠠ ᠳᠠᠳᠠᠵᠤ ᠠᠪᠣᠭᠰᠠᠨ ᠪᠠᠢ᠌ᠯ᠎ᠠ᠃ ᠠᠪᠣ ᠮᠢᠨᠢ ᠭᠦᠳᠡᠭᠡ ᠳᠤᠰᠬᠤᠨ ᠢ ᠳᠤᠰᠠᠯᠠᠬᠤ ᠭᠠᠪᠰᠢᠭᠠᠢ ᠠᠩᠭᠢ ᠳᠤ ᠨᠠᠷ᠎ᠠ ᠮᠡᠳᠡᠭᠦᠯᠵᠤ᠂ ᠨᠢᠭᠡ ᠭᠡᠷ ᠭᠡᠦᠭᠡᠤᠨ ᠨᠢᠯᠬᠠᠰ ᠶᠢᠡᠨ ᠳᠠᠭᠠᠭᠤᠯᠤᠭᠠᠤᠨ ᠣᠳᠤ ᠪᠠᠢ᠌ᠭ᠎ᠠ ᠪᠣᠢ᠌ᠳᠠ ᠨᠤᠳᠤᠭ ᠲᠤ ᠨᠡᠭᠦᠵᠤ ᠢᠷᠡᠭᠡᠤᠨ ᠵᠠᠯᠠᠭᠤ ᠶᠢᠨ ᠭᠦᠰᠡᠯ ᠶᠢᠡᠨ ᠪᠠᠶᠡᠯᠡᠭᠦᠯᠭᠦ ᠪᠠᠷ ᠨᠠᠰᠤ ᠪᠠᠷ ᠶᠢᠡᠨ ᠵᠢᠦᠡᠭᠦᠭ᠍ᠰᠡᠨ ᠪᠠᠢ᠌ᠪᠠ᠃ ᠪᠢ ᠠᠷᠪᠠᠭᠠᠤᠨ ᠨᠠᠰᠤ ᠭᠦᠷᠭᠦ ᠡᠴᠠ ᠡᠮᠤᠨ᠎ᠡ ᠮᠠᠢ᠌ᠵᠢᠭᠢᠨᠠᠨ ᠠᠯᠬᠤᠵᠤ ᠪᠠᠢ᠌ᠭᠰᠠᠨ ᠶᠢᠡᠨ ᠠᠷᠪᠠ ᠭᠠᠷᠤᠮᠠᠭᠴᠠ ᠰᠤᠭᠤ ᠳᠠᠶ‍ᠢᠭ ᠳᠤᠯᠬᠤ ᠳᠤ ᠭᠦᠷᠦᠭ᠍ᠰᠡᠨ ᠪᠠᠢ᠌ᠵᠠᠢ᠃ ᠨᠠᠮᠠᠶ᠋ᠢ ᠠᠷᠪᠠᠨ ᠳᠦᠷᠪᠡᠳᠠᠢ ᠵᠢᠯ᠂ ᠮᠠᠨ ᠤ ᠠᠢ᠌ᠯ ᠡᠴᠠ ᠳᠠᠪᠢᠨ ᠭᠠᠵᠠᠷ ᠵᠠᠢ᠌ᠳᠠᠢ ᠪᠢᠯᠡᠭᠦᠳᠡᠢ ᠰᠢᠶᠠᠩ ᠤᠨ ᠰᠢᠩᠵᠢᠶᠠᠶ‍ᠢᠩᠽᠢ ᠭᠡᠳᠡᠭ᠌ ᠭᠢᠳᠠᠤᠨ ᠠᠢ᠌ᠯ ᠳᠤ ᠴᠡᠷᠢᠭ᠌ ᠤᠨ ᠡᠮᠴᠢ ᠢᠷᠠᠵᠤ᠂ ᠳᠤᠰᠬᠤᠨ ᠤ ᠠᠯᠪᠠᠨ ᠭᠡᠷ ᠲᠤ ᠰᠡᠭᠦᠳᠡᠷᠯᠡᠭᠦ ᠮᠠᠰᠢᠨ ᠣᠭᠰᠠᠷᠠᠭᠠᠤᠨ ᠡᠯᠳᠡᠪ ᠡᠪᠠᠦᠡᠴᠢᠳᠡᠨ ᠢ ᠵᠤᠭᠤᠰ ᠠᠪᠬᠤ ᠦᠭᠡᠶ ᠡᠮᠨᠡᠵᠤ ᠪᠠᠢ᠌ᠬᠤ ᠴᠢᠮᠡᠭᠡ ᠳᠤᠭᠤᠯᠳᠠᠭᠠᠤᠨ ᠠᠪᠣ ᠨᠠᠮᠠᠶ᠋ᠢ ᠮᠤᠷᠢᠨ ᠳᠤ ᠰᠤᠠᠳᠠᠯᠠᠭᠠᠤᠨ ᠠᠪᠠᠴᠢᠵᠤ ᠥᠵᠡᠭᠦᠯᠵᠡᠢ᠃ ᠡᠮᠴᠢ ᠰᠤᠪᠢᠯᠠᠭᠴᠢ ᠲᠡᠶ ᠪᠠᠨ ᠠᠷᠪᠠᠭᠠᠤᠠᠬᠠᠨ ᠭᠦᠮᠤᠨ ᠲᠡᠶ ᠡᠨᠡᠭᠦ ᠡᠮᠴᠢᠯᠡᠭᠡᠨ ᠤ ᠠᠩᠭᠢ ᠨᠢ ᠣᠯᠠᠩᠭᠢ ᠨᠢ ᠪᠦᠷ ᠴᠠᠭᠠᠨ ᠬᠤᠪᠴᠠᠰᠤ ᠭᠡᠳᠦᠷᠡᠭ᠍ᠰᠡᠨ ᠭᠡᠭᠡᠨ ᠴᠠᠭᠠᠬᠠᠨ ᠴᠢᠷᠠᠢ᠌ᠳᠠᠢ ᠵᠠᠯᠠᠭᠤ ᠦᠬᠢᠳ ᠪᠠᠢ᠌ᠵᠤ᠂ ᠳᠤᠰᠬᠤᠨ ᠤ ᠠᠯᠪᠠᠨ ᠭᠡᠷ ᠤᠨ ᠰᠢᠷᠤᠢ ᠶᠢᠨ ᠬᠠᠨ᠎ᠠ ᠰᠢᠪᠠᠷ ᠳᠡᠭᠡᠪᠦᠷ ᠲᠤ ᠴᠠᠭᠠᠨ ᠪᠦᠰᠡ ᠬᠠᠳᠠᠭᠰᠠᠨ ᠶᠢᠡᠷ ᠴᠠᠰᠤ ᠴᠠᠭᠠᠨ ᠶ‍ᠢᠷᠳᠢᠠᠴᠤ ᠳᠤ ᠬᠠᠰ ᠶᠢᠡᠷ ᠴᠤᠭᠴᠠᠯᠠᠭᠰᠠᠨ ᠳᠠᠭᠢᠨᠢᠰ ᠨᠠᠭᠢᠯᠤᠨ ᠨᠤᠭᠢᠯᠵᠠᠭᠰᠠᠨ ᠠᠷᠰᠢ ᠶᠢᠨ ᠣᠷᠤᠨ ᠠᠳᠠᠯᠢ ᠳᠦᠷᠦᠭ᠍ᠳᠡᠯ ᠥᠭ᠍ᠴᠤ ᠪᠠᠢ᠌ᠯ᠎ᠠ᠃ ᠡᠮᠴᠢᠳ ᠮᠢᠨᠤ ᠨᠠᠷᠢᠰᠤᠨ ᠮᠤᠷᠣᠢ᠌ᠵᠤ ᠪᠠᠢ᠌ᠭ᠎ᠠ ᠭᠦᠯ ᠢ ᠪᠠᠢ᠌ᠴᠠᠭᠠᠵᠤ᠂ ᠴᠠᠭᠠᠨ ᠰᠤᠳᠠᠯ ᠨᠡᠪᠳᠡᠷᠡᠭᠦᠯᠭᠦ ᠮᠠᠰᠠ ᠵᠠᠰᠠᠯ ᠭᠢᠵᠤ ᠬᠠᠭᠤᠷᠠᠢ ᠵᠡᠭᠦᠤ ᠳᠠᠯᠪᠢᠭᠠᠤᠨ ᠨᠠᠮᠠᠶ᠋ᠢ ᠡᠪᠠᠦᠡᠴᠢᠨ ᠤ ᠣᠷᠤ ᠳᠡᠭᠡᠷ᠎ᠡ ᠬᠤᠷᠢ ᠬᠤᠨᠤᠭ ᠭᠡᠪᠳᠡᠭᠦᠯᠦᠭ᠍ᠰᠡᠨ ᠪᠠᠢ᠌ᠵᠠᠢ᠃ ᠮᠢᠨᠤ ᠰᠠᠭᠤᠭ᠎ᠠ ᠡᠪᠠᠦᠡᠴᠢᠳᠡᠨ ᠤ ᠥᠷᠦᠭᠡᠨ ᠳᠤ ᠠᠷᠪᠠᠭᠠᠤᠨ ᠮᠤᠳᠤᠨ ᠣᠷᠤ ᠰᠢᠬᠠᠯᠳᠤᠭᠤᠯᠤᠨ ᠳᠠᠯᠪᠢᠵᠤ᠂ ᠠᠳᠠᠯᠢ ᠪᠣᠰᠤ ᠨᠠᠰᠤᠨ ᠤ ᠡᠯᠳᠡᠪ ᠡᠪᠠᠦᠡᠴᠢᠳᠡᠨ ᠶᠢᠡᠷ ᠳᠦᠭᠦᠷᠦᠭ᠍ᠰᠡᠨ ᠪᠦᠭᠡᠤᠨ ᠣᠯᠠᠩᠭᠢ ᠨᠢ ᠳᠠᠷᠠ ᠠᠢ᠌ᠯ ᠤᠨ ᠭᠦᠮᠤᠨ ᠪᠠᠢ᠌ᠳᠠᠭ ᠡᠴᠠ᠂ ᠦᠨᠦ ᠠᠢ᠌ᠯ ᠤᠨ ᠡᠯᠳᠡᠪ ᠴᠢᠮᠡᠭᠡ ᠶᠢ ᠳᠤᠤᠷ᠎ᠠ ᠨᠢ ᠣᠯᠤᠭᠠᠤᠨ ᠰᠤᠨᠤᠰᠴᠢᠬᠠᠳᠠᠭ ᠪᠠᠢ᠌ᠵᠠᠢ᠃

ᠭᠡᠨᠡᠳᠲᠡ ᠨᠢᠭᠡᠨ ᠡᠳᠦᠷ᠂ ᠳᠤᠰᠬᠤᠨ ᠤ ᠠᠯᠪᠠᠨ ᠭᠡᠷ ᠤᠨ ᠠᠰ ᠬᠣᠢ᠌ᠳᠠᠢ ᠨᠢᠭᠡ ᠭᠡᠷ ᠤᠨ ᠨᠠᠰᠤᠳᠠᠢ ᠠᠪᠣ ᠨᠢ ᠥᠭᠦᠭᠡᠤᠨ ᠠᠤᠨ ᠣᠷᠤᠰᠢᠵᠤ᠂ ᠠᠪᠰᠠᠯᠠᠭᠠᠤᠨ ᠠᠪᠠᠴᠢᠵᠤ ᠪᠣᠯᠠᠬᠤ ᠭᠡᠵᠤ ᠪᠠᠢ᠌ᠳᠠᠯ᠎ᠠ ᠠᠪᠰᠠ ᠪᠠᠨ ᠲᠦᠷᠴᠢᠭᠢᠨᠠᠳᠠᠯ᠎ᠠ ᠳᠡᠯᠡᠳᠦᠭᠡᠤᠨ ᠪᠣᠯᠬᠤ ᠦᠭᠡᠶ ᠪᠣᠯᠬᠤᠷ ᠳᠠᠯᠪᠢᠭᠠᠤᠨ ᠭᠠᠷᠭᠠᠵᠠᠢ᠃ ᠡᠨᠡ ᠠᠪᠣ ᠭᠠᠷᠴᠤ ᠢᠷᠡᠮᠡᠭ᠍ᠴᠡ ᠣᠳᠠᠭᠠᠨ ᠬᠤᠨᠤᠭ ᠣᠯᠵᠤ ᠢᠳᠡᠭ᠍ᠰᠡᠨ ᠦᠭᠡᠶ ᠬᠤᠭᠤᠯᠠ ᠪᠠᠨ ᠨᠢᠭᠡᠭᠡᠨ ᠴᠠᠭ ᠲᠤ ᠨᠥᠭᠦᠭᠦ ᠭᠡᠰᠡᠨ ᠶᠤᠮᠰᠢᠭ ᠳᠤᠯᠤᠭᠠᠨ ᠠᠶᠠᠭ᠎ᠠ ᠢᠳᠡᠭ᠍ᠰᠡᠨ ᠪᠦᠭᠡᠤᠨ᠂ ᠰᠦᠨᠢ ᠳᠦᠯᠢ ᠪᠣᠯᠬᠤ ᠪᠦᠷᠢ ᠪᠣᠰᠤᠭᠠᠤᠨ ᠶᠠᠭᠤᠮ᠎ᠠ ᠡᠷᠢᠵᠤ ᠢᠳᠡᠳᠡᠭ᠌ ᠡᠴᠠ ᠰᠦᠨᠢ ᠪᠠᠷ ᠭᠦᠳᠡᠯᠭᠡᠭᠡᠨ ᠭᠢᠳᠡᠭ᠌ ᠮᠡᠷᠡᠭ᠍ᠴᠢ ᠠᠮᠢᠳᠠᠨ ᠤ ᠠᠤᠨ ᠣᠷᠤᠰᠢᠴᠢᠬᠠᠵᠠᠢ ᠭᠡᠤᠨ ᠰᠥᠷᠡᠭᠡᠢ ᠳᠡᠪᠵᠢᠶᠡᠷᠡᠭᠦᠯᠦᠭᠡᠤᠨ ᠬᠤᠶᠠᠷ ᠭᠤᠷᠪᠠᠨ ᠢᠳᠤᠭᠠᠨ ᠵᠠᠯᠠᠵᠤ ᠳᠤᠮ ᠳᠠᠷᠤᠯᠭ᠎ᠠ ᠭᠢᠯᠭᠡᠭ᠍ᠰᠡᠨ ᠪᠣᠯᠪᠠᠴᠤ ᠳᠠᠷᠤᠵᠤ ᠳᠡᠢ᠌ᠯᠦᠭ᠍ᠰᠡᠨ ᠦᠭᠡᠶ ᠪᠠᠷ ᠪᠠᠷᠠᠬᠤ ᠦᠭᠡᠶ᠂ ᠡᠨᠡ 《ᠠᠤᠨ》 ᠲᠡᠶ ᠠᠪᠣ ᠠᠭᠤᠷᠯᠠᠭᠠᠤᠨ ᠨᠢᠭᠡ ᠢᠳᠤᠭᠠᠨ ᠤ ᠭᠢᠨᠢ ᠳᠤᠯᠤᠭᠠᠢ ᠶᠢ ᠬᠠᠭ᠎ᠠ ᠴᠤᠭᠢᠭᠠᠤᠨ ᠴᠢᠰᠤ ᠰᠠᠳᠠᠭᠠᠨᠠᠭᠤᠯᠤᠨ ᠳᠤᠳᠠᠭᠠᠯᠭᠠᠪᠠ ᠭᠡᠨ᠎ᠡ᠃ ᠡᠪᠠᠦᠡᠴᠢᠨ ᠤ ᠥᠷᠦᠭᠡᠨ ᠳᠤ ᠪᠠᠢ᠌ᠭ᠎ᠠ ᠬᠠᠨᠢᠳᠠᠨ ᠤᠳ ᠰᠠᠭᠤᠷᠢ ᠠᠯᠳᠠᠨ ᠳᠠᠪᠵᠢᠶᠠᠷᠠᠵᠤ᠂ ᠨᠢᠭᠡᠯᠭᠡᠨ ᠭᠡᠷᠡᠮ ᠶᠢᠡᠷ ᠠᠯᠤᠰᠯᠠᠭᠳᠠᠵᠤ ᠪᠠᠢ᠌ᠭ᠎ᠠ ᠠᠷᠤ ᠭᠡᠷ ᠡᠴᠠ 《ᠠᠤᠨ ᠲᠡᠶ ᠠᠪᠣ》 ᠮᠤᠷᠢᠯᠠᠨ ᠪᠠᠭᠤᠴᠢᠬᠤ ᠡᠴᠠ ᠶᠡᠭᠡ ᠠᠶᠤᠵᠠᠭᠠᠵᠤ ᠪᠠᠢ᠌ᠵᠠᠢ᠃ ᠬᠠᠷᠠᠬᠠᠨ ᠪᠠᠭ᠎ᠠ ᠡᠴᠠ ᠪᠠᠨ ᠴᠢᠦᠡᠭᠦᠷ ᠱᠤᠯᠤᠮ ᠤᠨ ᠥᠯᠢᠭᠡᠷ ᠢ ᠠᠷᠪᠢᠨ ᠰᠤᠨᠤᠰᠤᠭᠰᠠᠨ ᠮᠢᠨᠤ ᠪᠠᠶ᠎ᠠ ᠶᠢᠨ ᠰᠦᠨᠠᠰᠤ ᠪᠠᠶ᠎ᠠ ᠳᠤ ᠦᠭᠡᠶ ᠪᠣᠯᠵᠤ᠂ ᠠᠪᠣ ᠡᠵᠢ ᠬᠤᠷᠳᠤᠬᠠᠨ ᠣᠯᠵᠤ ᠰᠤᠨᠤᠰᠤᠭᠠᠤᠨ ᠳᠦᠷᠭᠡᠭᠡᠨ ᠢᠷᠠᠵᠤ ᠨᠠᠮᠠᠶ᠋ᠢ ᠣᠷᠢᠤᠠᠴᠢᠯᠠᠵᠤ ᠠᠪᠠᠴᠢᠬᠤ ᠪᠣᠯᠤᠭᠠᠰᠠᠢ ᠭᠡᠵᠤ ᠳᠤᠳᠤᠷ᠎ᠠ ᠪᠠᠨ ᠵᠠᠯᠪᠠᠷᠢᠨ᠎ᠠ᠃ ᠭᠡᠳᠡᠯ᠎ᠡ ᠠᠪᠣ ᠡᠵᠢ ᠪᠦᠷ ᠪᠠᠷᠢᠭᠠᠳᠠ ᠶᠢᠨ ᠭᠦᠳᠡᠯᠮᠦᠷᠢ ᠳᠤ ᠣᠷᠤᠯᠴᠠᠭᠠᠤᠨ ᠶᠠᠪ ᠶᠠᠭᠠᠷᠠᠤ ᠪᠠᠢ᠌ᠳᠠᠭ ᠡᠴᠠ ᠨᠠᠮᠠᠶ᠋ᠢ ᠰᠤᠪᠢᠯᠠᠭᠴᠢ ᠡᠭᠡᠴᠢ ᠳᠤ ᠳᠤᠰᠢᠶᠠᠭᠠᠤᠨ ᠭᠦᠳᠡᠯᠮᠦᠷᠢᠯᠡᠭᠦ ᠪᠠᠷ ᠶᠠᠪᠣᠭᠰᠠᠨ ᠪᠠᠢ᠌ᠪᠠ᠃ ᠡᠪᠠᠦᠡᠴᠢᠳᠡᠨ ᠤ ᠥᠷᠦᠭᠡᠨ ᠳᠤ ᠮᠤᠩᠭ᠋ᠠᠨᠢᠵᠤ ᠪᠠᠢ᠌ᠭᠰᠠᠨ ᠰᠤᠪᠢᠯᠠᠭᠴᠢ ᠠᠪᠠᠬᠠᠢ ᠨᠡᠷ ᠣᠯᠠᠨ ᠤ ᠭᠡᠯᠡᠯᠴᠡᠭᠡᠨ ᠢ ᠰᠤᠨᠤᠰᠤᠭᠠᠤᠨ ᠵᠤᠮᠤᠰᠭᠢᠨ ᠢᠨᠢᠶᠠᠵᠤ ᠄

《ᠪᠣᠢ᠌ᠳᠠ ᠣᠷᠤᠨ ᠤ ᠬᠤᠴᠤᠷᠤᠭᠳᠠᠩᠭ᠋ᠤᠢ ᠣᠬᠠᠮᠰᠠᠷ ᠪᠠᠢ᠌ᠨ᠎ᠠ᠂ ᠶ‍ᠢᠷᠳᠢᠠᠴᠤ ᠳᠡᠭᠡᠷ᠎ᠡ ᠬᠠᠨᠠᠰᠠ ᠳᠠᠢ᠌ᠮᠤ ᠶᠠᠭᠤᠮ᠎ᠠ ᠪᠠᠢ᠌ᠵᠤ ᠪᠣᠯᠬᠤ ᠪᠣᠢ︕》 ᠭᠡᠵᠤ ᠳᠤᠭᠤᠭᠢ ᠪᠠᠷᠢᠴᠠᠭᠠᠨ᠎ᠠ᠃ ᠳᠡᠭᠡᠭᠦ ᠳᠤ᠂ ᠶᠠᠪᠣᠳᠠᠯ ᠳᠤ ᠳᠤᠷᠠᠳᠠᠢ ᠨᠢᠭᠡ ᠨᠢ ᠠᠯᠢ ᠭᠡᠳᠥᠢᠨᠡᠢ ᠠᠷᠤ ᠭᠡᠷᠡᠮ ᠤᠨ ᠰᠡᠳᠡᠷᠭᠡᠢ ᠶᠢ ᠳᠠᠪᠠᠵᠤ ᠳᠠᠷᠠ ᠠᠢ᠌ᠯ ᠳᠤ ᠣᠴᠢᠭᠠᠤᠨ 《ᠠᠤᠨ ᠴᠢᠦᠡᠭᠦᠷ》 ᠤᠨ ᠳᠤᠭᠯᠠᠯᠳᠠ ᠶᠢ ᠰᠤᠨᠢᠷᠬᠠᠵᠤ ᠢᠷᠡᠭᠡᠤᠨ ᠮᠠᠨ ᠳᠤ ᠰᠢᠨ᠎ᠡ ᠪᠠᠢ᠌ᠳᠠᠯ ᠢ ᠮᠡᠳᠡᠭᠦᠯᠤᠨ᠎ᠡ᠃ ᠡᠨᠡ ᠥᠯᠢᠭᠡᠷ ᠢ ᠰᠤᠨᠤᠰᠬᠤ ᠪᠦᠷᠢ ᠮᠢᠨᠤ ᠦᠰᠦ ᠠᠷᠵᠠᠢ᠌ᠨ ᠪᠣᠰᠤᠭᠠᠤᠨ ᠶᠠᠭᠠᠭᠢᠵᠤ ᠪᠠᠢ᠌ᠭᠠᠤᠨ ᠡᠨᠡ ᠳᠦᠢᠦᠡᠭᠡᠷ ᠲᠡᠶ ᠭᠠᠵᠠᠷ ᠡᠴᠠ ᠬᠤᠯᠠ ᠵᠢᠭᠤᠳᠠᠬᠤ ᠡᠴᠠ ᠥᠭᠡᠷ᠎ᠡ ᠶᠢ ᠰᠠᠨᠠᠬᠤ ᠦᠭᠡᠶ ᠪᠣᠯᠪᠠ᠃

ᠨᠢᠭᠡᠨ ᠥᠷᠯᠦᠭᠡ᠂ ᠦᠨᠦ ᠴᠢᠮᠡᠭᠡ ᠰᠤᠷᠭᠤᠭ ᠫᠠᠭᠳᠠᠭᠠᠷ ᠬᠠᠷ᠎ᠠ ᠭᠢᠳᠠᠤᠨ ᠰᠣᠢ᠌ᠯᠭᠢᠯᠠᠨ ᠠᠮᠢᠰᠬᠤᠭᠠᠳᠠᠭᠰᠠᠭᠠᠷ ᠣᠷᠤᠵᠤ ᠢᠷᠡᠭᠡᠤᠨ ᠄

《ᠦᠨᠦ ᠡᠳᠦᠷ ᠯᠤᠢᠩᠴᠠᠩ ᠡᠴᠠ ᠵᠠᠯᠠᠭᠰᠠᠨ ᠬᠤ ᠰᠢᠶᠠᠨ ᠪᠣᠮᠪᠣ ᠢᠷᠡᠭᠡᠤᠨ ᠡᠨᠡ ᠠᠤᠨ ᠲᠡᠶ ᠡᠪᠦᠭᠡᠨ ᠢ ᠭᠦᠯᠢᠵᠤ ᠠᠪᠰᠠᠨ ᠳᠤ ᠴᠢᠭᠢᠭᠡᠤᠨ ᠪᠣᠯᠠᠭᠤᠯᠬᠤ ᠭᠡᠵᠤ ᠪᠠᠢ᠌ᠨ᠎ᠠ᠃ ᠳᠠᠷᠤᠯᠭ᠎ᠠ ᠳᠤ ᠭᠡᠷᠡᠭᠯᠡᠭᠦ ᠡᠯᠡᠭ᠍ᠳᠡᠵᠤ ᠪᠠᠷᠠᠭᠰᠠᠨ ᠬᠠᠭᠤᠴᠢᠨ ᠠᠠᠵᠢᠰᠤᠨ ᠬᠤᠰᠢᠭᠤ ᠳᠤᠯᠤᠭ᠎ᠠ ᠶᠢ ᠣᠯᠤᠭᠰᠠᠭᠠᠷ ᠪᠠᠷᠢᠨ ᠠᠪᠠᠴᠢᠭᠠᠤᠨ ᠪᠣᠯᠠᠭᠠᠤᠨ ᠳᠡᠭᠡᠷ᠎ᠡ ᠨᠢ ᠠᠠᠵᠢᠰᠤᠨ ᠬᠤᠰᠢᠭᠤ ᠪᠠᠷ ᠳᠠᠷᠤᠬᠤ ᠶᠤᠮ ᠭᠡᠨ᠎ᠡ》 ᠭᠡᠰᠡᠨ ᠮᠡᠳᠡᠭᠡ ᠶᠢ ᠠᠪᠴᠢᠷᠠᠵᠠᠢ᠃ ᠡᠭᠦᠨ ᠢ ᠰᠤᠨᠤᠰᠤᠭᠠᠤᠨ ᠵᠤᠷ ᠪᠢᠴᠢᠵᠤ ᠪᠠᠢ᠌ᠭᠰᠠᠨ ᠪᠣᠭᠤᠷᠤᠯ ᠳᠤᠯᠤᠭᠠᠢ᠌ᠳᠤ ᠴᠡᠷᠢᠭ᠌ ᠤᠨ ᠡᠮᠴᠢ ᠰᠢᠷᠡᠭᠡ ᠠᠯᠠᠭᠠᠳᠤᠨ ᠪᠣᠰᠤᠭᠠᠤᠨ ᠄

《ᠮᠤᠬᠤᠷ ᠪᠢᠰᠢᠷᠠᠯ ᠳᠤ ᠪᠠᠴᠢᠯᠠᠭᠳᠠᠭᠰᠠᠨ ᠪᠠᠯᠠᠢ ᠳᠠᠨᠢᠯᠳᠠ ᠠᠤᠨ ᠴᠢᠦᠡᠭᠦᠷ ᠡᠴᠠ ᠳᠠᠪᠠᠨ᠎ᠠ︕》 ᠭᠡᠵᠤ ᠠᠭᠰᠤᠮᠨᠠᠭᠰᠠᠨ ᠶᠢᠡᠨ᠂ ᠪᠠᠶ᠎ᠠ ᠡᠷᠭᠢᠨ ᠬᠤᠶᠠᠷ ᠰᠤᠪᠢᠯᠠᠭᠴᠢ ᠳᠠᠭᠤᠳᠠᠵᠤ ᠳᠠᠮᠨᠠᠭᠤᠷᠭ᠎ᠠ ᠠᠪᠣᠭᠠᠤᠨ ᠦᠨᠦ ᠠᠤᠨ ᠲᠡᠶ ᠡᠪᠦᠭᠡᠨ ᠢ ᠡᠮᠴᠢᠯᠡᠭᠡᠨ ᠤ ᠥᠷᠦᠭᠡᠨ ᠳᠡᠭᠡᠨ ᠳᠠᠮᠨᠠᠵᠤ ᠠᠪᠴᠢᠷᠠᠬᠤ ᠪᠠᠷ ᠶᠠᠪᠣᠯ᠎ᠠ᠃ ᠡᠨᠡ ᠴᠢᠮᠡᠭᠡ ᠶᠢ ᠣᠯᠤᠮᠠᠭᠴᠠ ᠡᠪᠠᠦᠡᠴᠢᠳᠡᠨ ᠤ ᠥᠷᠦᠭᠡᠨ ᠳ᠋ᠠᠭᠢ ᠭᠦᠮᠦᠰ ᠤᠳ ᠵᠤᠤᠬᠠᠨ ᠭᠠᠯ ᠭᠦᠮᠦᠰᠭᠡ ᠶᠢ ᠨᠢ ᠬᠣᠢ᠌ᠬᠠᠯᠠᠭᠰᠠᠨ ᠠᠳᠠᠯᠢ ᠳᠠᠪ ᠭᠢᠨ ᠰᠤᠴᠢᠭᠠᠤᠨ᠂ ᠰᠤᠪᠢᠯᠠᠭᠴᠢ ᠨᠡᠷ ᠤᠨ ᠬᠠᠰᠢᠵᠤ ᠬᠤᠮᠢᠬᠤ ᠶᠢ ᠬᠠᠮᠢᠶᠠᠷᠤᠯ ᠦᠭᠡᠶ ᠪᠦᠭᠦᠳᠡᠭᠡᠷ ᠭᠤᠳ ᠭᠠᠷᠤᠭᠠᠤᠨ ᠳᠤᠳᠠᠭᠠᠴᠢᠬᠠᠵᠠᠢ᠃ ᠭᠦᠯ ᠶᠢᠡᠨ ᠮᠠᠰᠠ ᠵᠠᠰᠠᠯ ᠭᠢᠯᠭᠡᠭ᠍ᠰᠡᠨ ᠪᠢ ᠴᠢᠨᠢ ᠣᠷᠤᠨ ᠡᠴᠠ ᠪᠠᠨ ᠪᠠᠭᠤᠵᠤ ᠳᠤᠳᠠᠭᠠᠵᠤ ᠳᠡᠢ᠌ᠯᠭᠦ ᠦᠭᠡᠶ ᠪᠠᠷ ᠶᠢᠡᠨ ᠠᠷᠭ᠎ᠠ ᠦᠭᠡᠶ ᠦᠯᠠᠳᠠᠵᠤ᠂ ᠡᠴᠢᠭᠡ ᠳᠡᠭ᠍ᠷᠢ ᠠᠮᠢ ᠶᠢ ᠠᠪᠬᠤ ᠪᠠᠷ ᠵᠠᠶᠠᠭᠠᠭᠰᠠᠨ ᠪᠣᠯᠪᠠᠯ ᠠᠪᠠᠴᠢᠭ ᠭᠡᠵᠤ ᠰᠢᠳᠤ ᠪᠠᠨ ᠵᠠᠭᠤᠭᠠᠤᠨ ᠣᠷᠤᠨ ᠳᠠᠭᠠᠨ ᠳᠠᠭ ᠳᠠᠭ ᠴᠠᠴᠠᠷᠠᠵᠤ ᠪᠠᠢ᠌ᠳᠠᠯ᠎ᠠ ᠨᠢᠭᠡ ᠬᠠᠮᠤᠭ ᠵᠠᠯᠠᠭᠤ᠂ ᠪᠠᠷᠤᠭ ᠠᠷᠪᠠᠨ ᠵᠢᠷᠭᠤᠭ᠎ᠠ ᠳᠤᠯᠤᠭᠠᠳᠠᠢ ᠰᠤᠪᠢᠯᠠᠭᠴᠢ ᠭᠡᠦᠭᠡᠨ ᠮᠢᠨᠤ ᠬᠠᠵᠠᠭᠤᠳᠠ ᠢᠷᠡᠭᠡᠤᠨ᠂ ᠠᠯᠴᠢᠭᠤᠷ ᠶᠢᠡᠷ ᠮᠢᠨᠤ ᠨᠢᠭᠡ ᠳᠤᠯᠤᠭᠠᠢ ᠭᠦᠢᠳᠡᠨ ᠭᠦᠯᠦᠰᠤ ᠶᠢ ᠵᠥᠯᠭᠦᠭᠡᠤᠨ ᠳᠤᠮᠤ ᠨᠢᠳᠤ ᠪᠠᠨ ᠳᠤᠷᠮᠤᠯᠵᠠᠭᠤᠯᠤᠨ ᠄

《ᠳᠡᠭᠦᠤ ᠮᠢᠨᠢ ᠪᠣᠤ ᠠᠶᠤ︕ ᠳᠡᠯᠡᠭᠡᠢ ᠳᠡᠭᠡᠷ᠎ᠡ ᠶᠠᠷᠤ ᠡᠴᠠ 〈ᠠᠤᠨ ᠴᠢᠦᠡᠭᠦᠷ〉 ᠭᠡᠳᠡᠭ᠌ ᠶᠠᠭᠤᠮ᠎ᠠ ᠪᠠᠢ᠌ᠳᠠᠭ ᠦᠭᠡᠶ ᠶᠤᠮ︕ ᠪᠠᠢ᠌ᠨ᠎ᠠ ᠭᠡᠳᠡᠭ᠌ ᠲᠤ ᠭᠦᠷᠪᠠᠯ ᠪᠦᠷ ᠭᠦᠮᠦᠰ ᠭᠡᠢ᠌ᠰᠪᠦᠷᠢ ᠰᠡᠳᠭᠢᠭᠡᠤᠨ ᠪᠠᠶ᠎ᠠ ᠪᠠᠨ ᠠᠶᠤᠯᠭᠠᠵᠤ ᠪᠠᠢ᠌ᠬᠤ ᠭᠡᠷᠡᠭ᠌》 ᠭᠡᠵᠤ ᠨᠠᠮᠠᠶ᠋ᠢ ᠳᠠᠢ᠌ᠤᠠᠬᠤᠷᠠᠭᠤᠯᠵᠠᠢ᠃ ᠮᠢᠨᠤ ᠳᠤᠳᠤᠷ᠎ᠠ 《ᠨᠢᠯ》 ᠭᠡᠵᠤ ᠬᠠᠯᠠᠭᠤᠨ ᠣᠷᠤᠰᠬᠠᠯ ᠳᠤᠯᠭᠢᠶᠠᠯᠠᠭᠠᠤᠨ 《ᠨᠠᠳᠠ ᠡᠴᠠ ᠭᠡᠳᠦᠭᠡᠨ ᠠᠬ᠎ᠠ ᠡᠨᠡ ᠭᠡᠦᠭᠡᠨ ᠭᠦᠷᠳᠡᠯ᠎ᠡ ᠠᠶᠤᠬᠤ ᠦᠭᠡᠶ ᠪᠠᠢ᠌ᠳᠠᠯ᠎ᠠ ᠪᠠᠨ ᠶᠡᠭᠡ ᠡᠷ᠎ᠡ ᠭᠡᠵᠤ ᠳᠦᠷᠦᠭᠡᠤᠨ ᠳᠠᠢ᠌ᠮᠤ ᠶᠠᠭᠤᠮ᠎ᠠ ᠡᠴᠠ ᠠᠶᠤᠬᠤ ᠴᠢᠨᠢ ᠥᠨᠡᠭᠡᠷ ᠨᠢᠭᠤᠷ ᠶᠢᠡᠨ ᠭᠡᠭᠡᠵᠤ ᠪᠠᠢ᠌ᠨ᠎ᠠ︕》 ᠭᠡᠵᠤ ᠪᠣᠳᠤᠮᠠᠭᠴᠠ ᠳᠤᠤᠷ᠎ᠠ ᠪᠠᠨ ᠡᠷ᠎ᠡ ᠣᠮᠤᠭ ᠪᠣᠰᠤᠭᠠᠤᠨ ᠰᠢᠷᠪᠠᠭᠡᠳᠦᠭᠦ ᠳᠦᠷᠦᠭ᠍ᠳᠡᠯ ᠣᠷᠤᠭᠰᠠᠨ ᠪᠠᠢ᠌ᠵᠠᠢ᠃

ᠳᠠᠮᠠᠢ ᠣᠳᠠᠯ ᠦᠭᠡᠶ᠂ ᠡᠮᠴᠢ ᠰᠤᠪᠢᠯᠠᠭᠴᠢ ᠲᠡᠶ ᠪᠠᠨ ᠨᠢᠭᠡ ᠬᠠᠳᠢᠩᠭᠢᠷ ᠡᠪᠦᠭᠡᠨ ᠢ ᠳᠠᠮᠨᠠᠵᠤ ᠠᠪᠴᠢᠷᠠᠭᠠᠤᠨ ᠨᠠᠳᠠ ᠡᠴᠠ ᠨᠠᠯᠢᠶᠠᠤᠨ ᠵᠠᠢ᠌ᠳᠠᠢ ᠨᠢᠭᠡ ᠣᠷᠤ ᠳᠡᠭᠡᠷ᠎ᠡ ᠭᠡᠪᠳᠡᠭᠦᠯᠵᠤ ᠳᠠᠯᠪᠢᠯ᠎ᠠ᠃ ᠬᠠᠳᠢᠩᠭᠢᠷ ᠡᠪᠦᠭᠡᠨ ᠰᠢᠩᠭᠡᠨ ᠰᠢᠷ᠎ᠠ ᠰᠠᠬᠠᠯ ᠶᠢᠡᠨ ᠡᠷᠪᠠᠩᠨᠡᠭᠦᠯᠤᠨ 《ᠦᠷ᠎ᠡ ᠭᠡᠦᠭᠡᠤᠨ ᠨᠢᠭᠡ ᠨᠢᠭᠡ ᠪᠠᠷ ᠶᠢᠡᠨ ᠠᠴᠢᠯᠠᠯᠳᠠᠢ ᠶᠠᠭᠤᠮ᠎ᠠ ᠪᠠᠢ᠌ᠬᠤ ᠦᠭᠡᠶ᠂ ᠠᠮᠢᠰᠬᠤᠯ ᠲᠡᠶ ᠪᠠᠢ᠌ᠬᠤ ᠨᠠᠮᠠᠶ᠋ᠢ ᠠᠪᠠᠴᠢᠵᠤ ᠪᠣᠯᠠᠨ᠎ᠠ ᠭᠡᠤᠨ᠁》 ᠭᠡᠵᠤ ᠠᠮᠠᠨ ᠳᠠᠭᠠᠨ ᠲᠦᠳᠦᠨᠡᠵᠤ ᠯᠠ ᠪᠠᠢ᠌ᠨ᠎ᠠ᠃ ᠨᠠᠮᠠᠶ᠋ᠢ ᠠᠶᠤᠴᠢᠬᠤ ᠪᠣᠯᠪᠠᠤ ᠭᠡᠵᠤ ᠳᠠᠷᠠ ᠰᠤᠪᠢᠯᠠᠭᠴᠢ ᠦᠬᠢᠨ ᠮᠢᠨᠤ ᠣᠷᠤᠨ ᠳᠤ ᠰᠢᠬᠠᠨ ᠰᠠᠭᠤᠵᠤ ᠭᠠᠷ ᠢ ᠴᠢᠩᠭ᠎ᠠ ᠠᠤᠠᠬᠤᠵᠠᠢ᠃ ᠠᠶᠤᠬᠤ ᠦᠭᠡᠶ ᠭᠡᠪᠠᠯ ᠬᠤᠳᠠᠯ᠂ ᠪᠢ ᠦᠨᠡᠨ ᠠᠶᠤᠵᠤ ᠪᠠᠢ᠌ᠭᠰᠠᠨ ᠶᠤᠮ ᠰᠢᠤ᠃ ᠬᠠᠭᠠᠯᠭ᠎ᠠ ᠴᠤᠩᠬᠤ ᠪᠠᠷ ᠣᠯᠠᠨ ᠠᠮᠢᠳᠠᠨ ᠠᠪᠠᠭᠠᠷᠠᠯᠳᠤᠨ ᠳᠤᠳᠤᠭᠰᠢ ᠥᠩᠭᠡᠢ᠌ᠯᠴᠡᠵᠤ᠂ ᠳᠡᠷᠡᠭᠦ ᠡᠷᠳᠡᠮᠳᠡᠢ ᠭᠤᠷᠪᠠᠨ ᠢᠳᠤᠭᠠᠨ ᠳᠠᠷᠤᠵᠤ ᠴᠢᠳᠠᠭᠰᠠᠨ ᠦᠭᠡᠶ 《ᠠᠤᠨ》 ᠢ ᠡᠳᠡᠭᠡᠷ ᠴᠡᠷᠢᠭ᠌ ᠤᠨ ᠡᠮᠴᠢ ᠶᠠᠭᠠᠭᠢᠳᠠᠭ ᠢ ᠦᠵᠡᠨ᠎ᠡ ᠭᠡᠵᠤ ᠴᠢᠭᠢᠯᠳᠤᠨ᠎ᠡ᠃ ᠡᠮᠴᠢ ᠡᠴᠠ ᠳᠡᠭᠦᠨ ᠳᠤ ᠨᠢᠭᠡ ᠵᠡᠭᠦᠤ ᠳᠠᠷᠢᠭᠰᠠᠨ ᠶᠢᠡᠨ ᠣᠯᠠᠨ ᠳᠤ ᠬᠠᠠᠳᠤᠵᠤ ᠄

《ᠳᠠᠨᠤᠰ ᠬᠠᠷᠢᠵᠤ ᠪᠠᠢ᠂ ᠡᠨᠡ ᠨᠠᠰᠤᠳᠠᠨ ᠨᠠᠮ ᠣᠠᠳᠠᠵᠤ ᠭᠡᠳᠤᠨ ᠡᠳᠦᠷ ᠰᠤᠪᠢᠯᠠᠬᠤ ᠴᠢᠬᠤᠯᠳᠠᠢ ᠪᠠᠢ᠌ᠨ᠎ᠠ》 ᠭᠡᠵᠡᠢ᠃

ᠨᠢᠭᠡ ᠬᠤᠨᠤᠭ ᠥᠩᠭᠡᠷᠡᠭ᠍ᠰᠡᠨ ᠡᠴᠠ ᠰᠡᠭᠦᠯᠡᠷ ᠡᠨᠡ ᠡᠪᠦᠭᠡᠨ ᠡᠴᠠ ᠪᠢ ᠶᠠᠭ ᠠᠶᠤᠬᠤ ᠦᠭᠡᠶ ᠪᠣᠯᠵᠤ ᠵᠤᠭᠤᠭ ᠳᠡᠯᠭᠡᠵᠤ ᠡᠭᠢᠯᠡᠵᠡᠢ᠃ ᠳᠠᠯᠠ ᠭᠦᠷᠦᠭ᠍ᠰᠡᠨ ᠡᠨᠡ ᠡᠪᠦᠭᠡᠨ ᠬᠠᠷᠢᠨ ᠥᠯᠢᠭᠡᠷ ᠤᠨ ᠣᠭᠤᠳᠠ ᠪᠠᠢ᠌ᠵᠤ᠂ ᠠᠮᠢᠳᠤ ᠪᠠᠷ ᠠᠪᠰᠠᠯᠠᠭᠳᠠᠵᠤ ᠶᠡᠭᠡ ᠰᠠᠳᠤᠯᠳᠠ ᠣᠯᠵᠤ ᠣᠢ ᠣᠬᠠᠭᠠᠨ ᠨᠢ ᠪᠠᠬᠠᠨ ᠪᠠᠯᠠᠷᠠᠭᠰᠠᠨ ᠡᠴᠠ ᠪᠢᠰᠢ ᠶᠠᠮᠠᠷᠴᠤ ᠶᠡᠭᠡ ᠠᠷᠬᠠᠭ ᠪᠠᠢ᠌ᠭᠰᠠᠨ ᠦᠭᠡᠶ᠃ ᠳᠠᠷᠠ ᠨᠠᠰᠤᠳᠠᠨ ᠭᠤᠷᠪᠠ ᠬᠤᠨᠤᠭ ᠡᠮᠴᠢᠯᠡᠭᠦᠯᠦᠭᠡᠤᠨ ᠡᠳᠡᠭᠡᠷᠡᠵᠤ ᠶᠠᠪᠣᠬᠤ ᠳᠠᠭᠠᠨ ᠨᠠᠳᠠ ᠲᠡᠶ ᠰᠠᠢ᠌ᠨ ᠠᠠᠳᠠ ᠪᠣᠯᠵᠤ᠂ ᠨᠠᠮᠠᠶ᠋ᠢ ᠡᠮᠨᠡᠯᠭᠡ ᠡᠴᠠ ᠭᠠᠷᠤᠭᠰᠠᠭᠠᠷ ᠠᠪᠠᠴᠢᠵᠤ ᠬᠤᠭᠤᠯᠠ ᠢᠳᠡᠭᠦᠯᠤᠨ᠎ᠡ ᠭᠡᠵᠤ ᠭᠡᠯᠡᠵᠤ ᠪᠠᠢ᠌ᠵᠠᠢ᠃ ᠡᠮᠴᠢ ᠡᠴᠠ ᠳᠤᠰᠬᠤ ᠪᠠᠷ ᠢᠷᠡᠭ᠍ᠰᠡᠨ ᠦᠷ᠎ᠡ ᠭᠡᠦᠭᠡᠤᠨ ᠳᠤᠨᠢ ᠄

《ᠡᠴᠢᠭᠡ ᠴᠢᠨᠢ ᠴᠢᠰᠤᠨ ᠳᠠᠷᠤᠯᠳᠠ ᠳᠤᠤᠷ᠎ᠠ ᠪᠠᠢ᠌ᠳᠠᠭ ᠡᠴᠠ ᠴᠢᠰᠤ ᠨᠢ ᠢᠳᠡᠭᠡᠨ᠂ ᠬᠠᠶᠠ ᠬᠠᠶᠠ ᠳᠠᠷᠢᠭᠢᠨ ᠳᠤ ᠭᠦᠴᠢᠯᠳᠦᠷᠦᠭ᠍ᠴᠢ ᠳᠤᠳᠠᠭᠰᠠᠭᠠᠷ ᠮᠡᠳᠡᠭᠡ ᠠᠯᠳᠠᠵᠤ ᠬᠠᠭᠤᠷᠮᠠᠭ 〈ᠥᠭᠦᠯ〉 ᠊ᠤᠨ ᠪᠠᠢ᠌ᠳᠠᠯ ᠳᠤ ᠣᠷᠤᠳᠠᠭ᠃ ᠡᠭᠦᠨ ᠢ ᠳᠠᠨᠤᠰ ᠥᠭᠦᠴᠢᠭᠡᠯ᠎ᠡ ᠭᠡᠵᠤ ᠠᠪᠰᠠᠯᠠᠬᠤ ᠶᠤᠮ ᠴᠢᠨᠢ ᠠᠭᠤᠷᠯᠠᠬᠤ ᠦᠭᠡᠶ ᠭᠡᠵᠤ ᠪᠠᠢ᠌ᠨ᠎ᠠ ᠦᠦ᠃ ᠬᠠᠯᠠᠭᠤᠷᠠᠭᠠᠤᠨ ᠣᠬᠠᠭᠠᠨ ᠮᠠᠳᠠᠷᠠᠯ ᠨᠢ ᠰᠠᠮᠠᠭᠤᠷᠠᠵᠤ ᠡᠷᠦᠢ ᠬᠤᠷᠤᠢ ᠶᠠᠷᠢᠬᠤ ᠶᠢ ᠳᠠᠨᠠᠷ ᠰᠡᠵᠢᠭᠯᠡᠵᠤ᠂ ᠡᠯᠳᠡᠪ ᠤᠨ 〈ᠢᠳᠤᠭᠠᠨ ᠮᠢᠳᠤᠭᠠᠨ〉 ᠠᠪᠴᠢᠷᠠᠵᠤ ᠪᠠᠭᠠᠰᠢᠯᠠᠭᠤᠯᠬᠤ ᠳᠤᠳᠤᠮ ᠡᠴᠢᠭᠡ ᠴᠢᠨᠢ ᠭᠠᠴᠢᠭᠳᠠᠭᠠᠤᠨ ᠡᠷᠦᠢ ᠬᠤᠷᠤᠢ ᠵᠠᠩᠨᠠᠵᠤ ᠮᠠᠳᠠᠷᠠᠯ ᠬᠤᠤᠳᠤᠤᠷᠠᠬᠤ ᠪᠠᠢ᠌ᠳᠠᠯ ᠭᠠᠷᠳᠠᠭ᠃ ᠳᠡᠯᠡᠭᠡᠢ ᠳᠡᠭᠡᠷ᠎ᠡ ᠶᠠᠷᠤ ᠡᠴᠠ ᠠᠤᠨ ᠴᠢᠦᠡᠭᠦᠷ ᠭᠡᠵᠤ ᠪᠠᠢ᠌ᠳᠠᠭ ᠦᠭᠡᠶ ᠶᠢ ᠮᠠᠳᠠᠵᠤ ᠠᠪ︕》 ᠭᠡᠵᠤ ᠰᠤᠷᠭᠠᠭᠠᠤᠨ ᠶᠠᠪᠣᠭᠤᠯᠤᠭᠰᠠᠨ ᠪᠠᠢ᠌ᠨ᠎ᠠ᠃ ᠡᠭᠦᠨ ᠡᠴᠠ ᠬᠣᠢ᠌ᠰᠢ ᠳᠠᠷᠠ ᠨᠠᠰᠤᠳᠠᠨ ᠪᠠᠰᠠ ᠠᠷᠪᠠᠨ ᠭᠡᠳᠤᠨ ᠵᠢᠯ ᠠᠮᠢᠳᠤᠷᠠᠵᠤ᠂ ᠨᠠᠶᠠ ᠭᠠᠷᠤᠭᠠᠤᠨ ᠰᠠ‍‌ᠶᠢ ᠨᠠᠰᠤ ᠪᠠᠷᠠᠭᠰᠠᠨ ᠪᠠᠢ᠌ᠪᠠ᠃

ᠡᠨᠡᠭᠦ ᠪᠣᠳᠠᠳᠤ ᠥᠩᠭᠡᠷᠡᠯᠳᠡ ᠥᠩᠭᠡᠷᠡᠨ ᠡᠴᠢᠭᠡᠤᠨ ᠳᠦᠴᠢᠨ ᠵᠢᠯ ᠤᠨ ᠨᠢᠭᠤᠷ ᠥᠵᠡᠭ᠍ᠰᠡᠨ ᠪᠣᠯᠪᠠᠴᠤ ᠳᠡᠷᠡᠭᠦ ᠠᠪᠰᠠᠨ ᠳᠤ ᠴᠢᠭᠢᠭ᠍ᠳᠡᠵᠤ ᠪᠠᠢ᠌ᠭ᠎ᠠ ᠬᠠᠳᠢᠩᠭᠢᠷ ᠡᠪᠦᠭᠡᠨ ᠤ ᠭᠦᠭᠡᠷᠦᠭᠦᠢᠯᠡᠯᠳᠡᠢ ᠳᠦᠷᠢ ᠪᠣᠯᠤᠨ ᠨᠠᠳᠠ ᠡᠴᠠ ᠭᠡᠳᠦᠭᠡᠨ ᠨᠠᠰᠤ ᠠᠬ᠎ᠠ ᠰᠤᠪᠢᠯᠠᠭᠴᠢ ᠡᠭᠡᠴᠢ ᠶᠢᠨ ᠡᠨᠡᠷᠢᠩᠭᠦᠢ ᠪᠣᠯᠪᠠᠷᠠᠢ᠌ᠬᠠᠨ ᠵᠢᠰᠤ ᠴᠢᠷᠠᠢ ᠡᠳᠦᠷ ᠤᠨ ᠪᠣᠳᠤᠯ ᠰᠦᠨᠢ ᠶᠢᠨ ᠵᠡᠭᠦᠳᠤᠨ ᠳᠤ ᠡᠷᠢᠭ᠍ᠳᠡᠭᠡᠤᠨ ᠪᠠᠢ᠌ᠳᠠᠭ᠃ ᠢᠩᠭᠢᠭᠦ ᠳᠤ ᠮᠤᠬᠤᠷ ᠪᠢᠰᠢᠷᠠᠯ ᠨᠢ ᠡᠷᠡᠭᠦᠯ ᠭᠦᠮᠤᠨ ᠢ ᠰᠤᠯᠢᠶᠠᠷᠠᠭᠤᠯᠵᠤ᠂ ᠠᠮᠢᠳᠤ ᠭᠦᠮᠤᠨ ᠢ ᠪᠣᠯᠠᠰᠢᠯᠠᠴᠢᠬᠠᠳᠠᠭ ᠨᠢᠭᠦᠯᠳᠡᠨ ᠪᠠᠢ᠌ᠵᠤ᠂ ᠭᠡᠴᠢᠨᠡᠨ ᠣᠯᠠᠨ ᠮᠡᠳᠡᠭᠡ ᠠᠯᠳᠠᠭᠰᠠᠤᠨ ᠢ ᠪᠦᠷ 《ᠠᠤᠨ ᠣᠷᠤᠰᠢᠭᠰᠠᠨ》 ᠶᠢᠡᠷ ᠰᠢ᠌ᠤᠠᠪᠣᠷᠢᠯᠠᠵᠤ ᠬᠠᠳᠠᠨ ᠠᠭᠤᠢ ᠳ᠋ᠤᠨᠢ ᠵᠠᠯᠠᠭᠰᠠᠨ ᠢ ᠳᠤᠭᠠᠴᠢᠵᠤ ᠪᠠᠷᠠᠬᠤ ᠦᠭᠡᠶ᠃ ᠡᠢ᠌ᠮᠦᠷᠭᠦ ᠴᠠᠭ ᠦᠶ᠎ᠡ ᠮᠠᠨ ᠡᠴᠠ ᠦᠨᠢ ᠡᠭᠦᠷᠢᠳᠡ ᠬᠤᠯᠠᠳᠠᠭᠠᠤᠨ ᠡᠴᠢᠭ᠍ᠰᠡᠨ ᠪᠣᠯᠪᠠᠴᠤ᠂ ᠬᠠᠶᠠ ᠬᠠᠶᠠ ᠵᠠᠷᠢᠮ ᠨᠢᠭᠡ ᠳ᠋ᠤᠨᠢ ᠶᠠᠮᠠᠷ ᠶᠠᠮᠠᠷ ᠠᠮᠢᠳᠠᠨ ᠤ ᠰᠢᠮᠨᠤ ᠣᠷᠤᠴᠢᠬᠠᠯ᠎ᠠ ᠭᠡᠰᠡᠨ ᠬᠠᠴᠢᠷᠬᠠᠯᠳᠠᠢ ᠮᠡᠳᠡᠭᠡ ᠳᠤᠭᠤᠯᠳᠠᠬᠤᠯᠠᠷ ᠦᠷᠦ ᠵᠢᠷᠦᠭᠡ ᠮᠢᠨᠢ ᠠᠷᠭ᠎ᠠ ᠦᠭᠡᠶ ᠡᠮᠵᠡᠭᠯᠡᠵᠤ᠂ ᠨᠢᠭᠦᠯ ᠭᠢᠯᠢᠠᠴᠠ ᠶᠢᠨ ᠦᠨᠳᠦᠰᠦ ᠪᠣᠯᠤᠭᠰᠠᠨ ᠮᠤᠬᠤᠷ ᠪᠢᠰᠢᠷᠠᠯ ᠴᠠᠭᠠᠬᠠᠨ ᠰᠠᠤᠠᠭᠢᠯᠳᠠᠢ ᠮᠤᠩᠭ᠋ᠤᠯᠴᠤᠳ ᠢ ᠪᠣᠤ ᠯᠠ ᠮᠤᠩᠬᠠᠷᠠᠭᠤᠯᠬᠤ ᠪᠣᠯᠤᠭᠠᠰᠠᠢ ᠭᠡᠵᠤ ᠰᠠᠤᠠᠭᠢᠯ ᠳᠡᠭᠡᠨ ᠳᠠᠭᠠᠤᠠᠬᠠᠬᠤ ᠶᠤᠮ ᠪᠢᠯᠠ᠃

2011 ᠣᠨ ᠤ ᠬᠠᠪᠣᠷ ᠤᠨ ᠡᠭᠢᠨ᠎ᠡ ᠪᠠᠶᠠᠠᠠᠭᠤᠯᠠ ᠳᠤ ᠳᠡᠮᠳᠡᠭᠯᠡᠪᠠᠢ᠃

ᠵᠤᠬᠢᠶᠠᠭᠴᠢ ᠶᠢᠨ ᠬᠠᠶ‍ᠢᠭ ᠄ ᠵᠡᠭᠦᠨ ᠪᠠᠭᠠᠷᠢᠨ ᠤ ᠪᠠᠶᠠᠠᠠᠭᠤᠯᠠ ᠰᠤᠮᠤ


ᠵᠤᠬᠢᠶᠠᠭᠴᠢ᠄ ᠨᠤ᠋·ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 14460
ᠴᠠᠭ᠄ 2011 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ