ᠨᠡᠪᠲᠡᠷᠡᠨ ᠤᠷᠤᠬᠤ
ᠨᠠᠷᠠ ᠪᠣᠯᠤᠭᠰᠠᠨ ᠡᠵᠢ ᠮᠢᠨᠢ

ᠡᠨᠡ ᠰᠦᠨᠢ ᠪᠢ ᠨᠢᠭᠡᠨ ᠵᠡᠭᠦᠳᠤ ᠵᠡᠭᠦᠳᠦᠯᠡᠯ᠎ᠡ᠃

ᠵᠡᠭᠦᠳᠤᠨ ᠳᠤ ᠡᠵᠢ ᠮᠢᠨᠢ ᠨᠠᠮᠢ᠋ᠢ ᠭᠦᠳᠦᠯᠤᠨ ᠵᠡᠭᠦᠨ ᠮᠠᠩᠬᠠᠨ ᠳᠡᠭᠡᠭᠦᠷ ᠮᠠᠠᠳᠤᠬᠤ ᠭᠠᠯ ᠣᠯᠠᠭᠠᠨ ᠳᠡᠷᠭᠡᠯ ᠨᠠᠷᠠᠨ ᠵᠥᠭ᠌ ᠶᠠᠪᠣᠯ᠎ᠠ᠃

᠊᠊᠊᠊᠊᠊᠊᠊᠊᠊᠊᠊᠊᠊᠊ ᠡᠵᠢ ᠡ᠂ ᠪᠢᠳᠠ ᠬᠠᠮᠢᠭ᠎ᠠ ᠣᠴᠢᠬᠤ ᠪᠣᠢ ︖

᠊᠊᠊᠊᠊᠊᠊᠊᠊᠊᠊᠊᠊᠊᠊ ᠨᠠᠷᠠᠨ ᠡᠪᠦᠭᠡ ᠶᠢᠨ ᠴᠢᠨᠢ ᠣᠴᠢᠶ᠎ᠠ᠃

᠊᠊᠊᠊᠊᠊᠊᠊᠊᠊᠊᠊᠊᠊᠊ ᠨᠠᠷᠠᠨ ᠡᠪᠦᠭᠡ ᠨᠠᠳᠠ ᠳᠤ ᠶᠠᠮᠠᠷ ᠠᠮᠳᠠᠳᠤ ᠰᠢᠭᠢᠷ ᠥᠭ᠍ᠳᠡᠭ᠌ ᠪᠣᠯ ᠳ᠋ᠠ ᠭᠡᠵᠤ ᠰᠢᠯᠤᠰᠤ ᠪᠠᠨ ᠵᠠᠯᠭᠢᠨ ᠪᠢ ᠠᠰᠠᠭᠤᠨ᠎ᠠ᠃

ᠡᠷᠭᠢᠭᠡᠳ ᠬᠠᠷᠠᠬᠤ ᠳᠤ ᠡᠵᠢ ᠮᠢᠨᠢ ᠨᠠᠷᠠ ᠪᠣᠯᠤᠭᠠᠤᠨ ᠨᠠᠳᠠ ᠶᠢ ᠪᠠᠨ ᠭᠡᠷᠡᠯᠳᠦᠭᠦᠯᠵᠤ ᠪᠠᠢ᠌ᠯ᠎ᠠ᠃

ᠡᠵᠢ ᠳᠡᠭᠡᠨ ᠪᠢ ᠣᠴᠢᠨ᠎ᠠ ᠭᠡᠳ ᠨᠠᠷᠠᠨ ᠵᠥᠭ᠌ ᠴᠢᠨᠡᠭᠡ ᠮᠠᠳᠠᠨ ᠭᠦᠶ‍ᠦᠯ᠎ᠡ ᠁

ᠡᠵᠢ ᠡ᠂ ᠡᠵᠢ ᠡ ᠁ ᠨᠠᠷᠠ ᠁ ᠨᠠᠷᠠ ᠭᠡᠳ ᠪᠢ ᠵᠡᠭᠦᠳᠤ ᠡᠴᠠ ᠪᠠᠨ ᠰᠠᠷᠢᠯ᠎ᠠ ᠁

ᠨᠢᠭᠡ ᠪᠣᠳᠤᠬᠤᠯᠠᠷ ᠨᠠᠷᠠ ᠪᠣᠯᠤᠭᠰᠠᠨ ᠡᠵᠢ ᠡᠴᠠ ᠪᠠᠨ ᠰᠠᠯᠤᠭᠠᠤᠨ ᠭᠤᠴᠢᠨ ᠳᠦᠷᠪᠠᠨ ᠵᠢᠯ ᠤ ᠨᠢᠭᠤᠷ ᠦᠵᠡᠯ᠎ᠠ᠃ ᠳᠠᠷᠠ ᠦᠶ᠎ᠡ ᠳᠤ ᠪᠢ ᠠᠷᠪᠠᠨ ᠵᠢᠷᠭᠤᠭᠠᠨ ᠨᠠᠰᠤᠳᠠᠢ᠂ ᠦᠨᠳᠦᠷ ᠳᠤᠮᠳᠠᠳᠤ ᠳᠤ ᠪᠢᠴᠢᠭ᠌ ᠦᠵᠡᠵᠤ ᠪᠠᠢ᠌ᠯ᠎ᠠ᠃ ᠳᠦᠴᠢᠨ ᠬᠤᠶᠠᠷ ᠵᠢᠯ ᠤᠨ ᠡᠮᠤᠨ᠎ᠡ ᠪᠢ ᠨᠢ᠋ᠮᠠᠬᠠᠨ ᠨᠠᠰᠤᠳᠠᠢ ᠳᠠᠭᠠᠨ ᠡᠴᠢᠭᠡ ᠶᠢᠨ ᠬᠠᠢ᠌ᠷ᠎ᠠ ᠪᠠᠨ ᠠᠯᠳᠠᠵᠠᠢ᠂ ᠳᠠᠷᠠ ᠦᠶ᠎ᠡ ᠳᠤ ᠪᠢ ᠠᠩᠬ᠎ᠠ ᠰᠤᠷᠭᠠᠭᠤᠯᠢ ᠶᠢᠨ ᠪᠣᠱᠤᠭ᠎ᠠ ᠶᠢ ᠠᠯᠬᠤᠵᠤ ᠪᠠᠢ᠌ᠯ᠎ᠠ᠃ ᠡᠵᠢ ᠮᠢᠨᠢ ᠭᠤᠴᠢᠨ ᠨᠢ᠋ᠮᠠᠨ ᠨᠠᠰᠤᠨ ᠤ ᠪᠠᠨ ᠵᠠᠮ ᠳᠤᠮᠳᠠ ᠪᠠᠨ ᠠᠮᠠᠷᠠᠭ ᠬᠠᠨᠢ ᠪᠠᠨ ᠠᠯᠳᠠᠵᠠᠢ᠃ ᠡᠨᠡ ᠭᠡᠷ ᠤᠨ ᠬᠤᠶᠠᠷ ᠳᠤᠯᠭᠠᠭᠤᠷᠢ ᠶᠢᠨ ᠨᠢᠭᠡᠨ ᠨᠢ ᠨᠤᠷᠠᠭᠰᠠᠨ ᠴᠤ ᠥᠯᠡᠳᠡᠭ᠍ᠰᠡᠨ ᠨᠢᠭᠡ ᠨᠢ ᠡᠪᠦᠳᠦᠭ᠌ ᠨᠤᠭᠤᠷᠠᠭᠰᠠᠨ ᠦᠭᠡᠶ ᠡᠨᠡ ᠭᠡᠷ ᠶᠢᠡᠨ ᠡᠷᠭᠦᠨ ᠪᠣᠰᠤᠯ᠎ᠠ᠃

ᠮᠠᠨᠠᠢ᠌ᠭᠢᠨ ᠭᠡᠵᠤ ᠪᠦᠯᠢ ᠣᠯᠠᠨ ᠲᠡᠶ᠂ ᠠᠬ᠎ᠠ ᠡᠭᠡᠴᠢ ᠳᠡᠭᠦᠤ ᠨᠢ᠋ᠮᠠᠭᠤᠯᠠ᠂ ᠶᠡᠭᠡ ᠨᠢ ᠬᠤᠷᠢ᠂ ᠪᠠᠭ᠎ᠠ ᠨᠢ ᠰᠠ‍‌ᠶᠢ ᠭᠤᠷᠪᠠᠬᠠᠨ ᠨᠠᠰᠤᠳᠠᠢ ᠦᠨᠦᠴᠢᠷᠠᠵᠠᠢ᠃ ᠦᠨᠦᠴᠢᠨ ᠶᠢᠡᠨ ᠦᠰᠭᠡᠭᠦ ᠪᠠᠷ ᠦᠰᠤ ᠪᠠᠨ ᠳᠤᠭᠠᠯᠠᠭᠰᠠᠨ ᠭᠦᠭᠡᠷᠦᠭᠦᠢ ᠮᠢᠨᠤ ᠬᠠᠢ᠌ᠷᠠᠳᠤ ᠡᠵᠢ ᠮᠢᠨᠢ ᠦᠷ᠎ᠡ ᠳᠡᠭᠡᠨ ᠨᠢᠯᠪᠣᠰᠤᠨ ᠳᠤᠰᠤᠯ ᠶᠢᠡᠨ ᠥᠵᠡᠭᠦᠯᠦᠭᠡ ᠦᠭᠡᠶ ᠶᠠᠪᠣᠵᠤ᠂ ᠦᠵᠡᠵᠤ ᠬᠠᠷᠠᠬᠤ ᠶᠢᠨ ᠵᠠᠪ ᠲᠤ ᠦᠰᠤ ᠨᠢ ᠪᠣᠭᠤᠷᠤᠯᠳᠤᠯ᠎ᠠ᠃ ᠦᠷ᠎ᠡ ᠳᠡᠭᠡᠨ ᠡᠵᠢ ᠮᠢᠨᠢ ᠳᠠ ᠨᠠᠷᠠᠨ ᠪᠣᠯᠵᠤ ᠡᠭᠡ ᠶᠢᠨ ᠡᠨᠡᠷᠢᠯ᠂ ᠡᠴᠢᠭᠡ ᠶᠢᠨ ᠬᠠᠢ᠌ᠷ᠎ᠠ ᠶᠢ ᠵᠡᠷᠭᠡᠪᠠᠷ ᠭᠦᠷᠳᠡᠭᠡᠯ᠎ᠡ᠃ ᠦᠨᠦᠴᠢᠨ ᠦᠷᠦᠭᠡᠰᠤᠨ ᠭᠡᠰᠡᠨ ᠢ ᠦᠷ᠎ᠡ ᠶᠢᠨ ᠶᠢᠡᠨ ᠰᠡᠳᠭᠢᠯ ᠳᠤ ᠬᠠᠪᠢᠳᠠᠭᠤᠯᠤᠯ ᠦᠭᠡᠶ ᠦᠷᠯᠦᠭᠡ ᠡᠴᠠ ᠦᠳᠡᠰᠢ ᠪᠣᠯᠳᠠᠯ᠎ᠠ ᠥᠵᠦᠭᠦᠷ ᠤᠨ ᠨᠠᠷᠠ ᠶᠢ ᠳᠤᠯᠭ᠎ᠠ ᠶᠢᠨ ᠶᠢᠡᠨ ᠳᠡᠷᠭᠡᠳᠡ ᠣᠭᠳᠤᠨ ᠦᠳᠡᠵᠤ᠂ ᠡᠳᠦᠷ ᠳᠤᠷᠰᠢ ᠭᠡᠷ ᠤᠨ ᠶᠢᠡᠨ ᠳᠤᠳᠤᠨ᠎ᠠ ᠭᠠᠳᠠᠨᠠᠭᠢ ᠬᠠᠷ᠎ᠠ ᠪᠣᠷᠤ ᠠᠵᠢᠯ ᠳᠤ ᠪᠣᠷᠪᠢ ᠨᠤᠭᠤᠷᠠᠯ ᠦᠭᠡᠶ ᠵᠢᠳᠭᠦᠵᠤ᠂ ᠦᠳᠡᠰᠢ ᠶᠢᠨ ᠳᠤᠰᠤᠨ ᠳ᠋ᠸᠩ ᠤᠨ ᠪᠦᠳᠡᠭᠢ ᠭᠡᠷᠡᠯ ᠤᠨ ᠳᠤᠤᠷ᠎ᠠ ᠣᠢ᠌ᠯᠠ ᠣᠳᠠᠰᠤ ᠲᠡᠶ ᠪᠠᠨ ᠨᠤᠴᠤᠯᠳᠤᠭᠰᠠᠭᠠᠷ ᠶᠠᠳᠠᠷᠠᠵᠤ ᠲᠤᠢ᠌ᠯᠳᠠᠯ᠎ᠠ᠂ ᠡᠪᠡᠳᠴᠢᠨ ᠡᠮᠭᠡᠭ᠌ ᠳᠤᠰᠤᠯ᠎ᠠ᠂ ᠭᠡᠪᠠᠴᠤ ᠦᠷ᠎ᠡ ᠳᠡᠭᠡᠨ ᠥᠭᠡ ᠰᠤᠨᠤᠰᠬᠠᠭ᠎ᠠ ᠦᠭᠡᠶ᠂ ᠬᠠᠮᠤᠭ ᠬᠠᠢ᠌ᠷ᠎ᠠ ᠪᠠᠨ ᠦᠷ᠎ᠡ ᠳᠡᠭᠡᠨ ᠶᠡᠭᠦᠯᠡᠭ᠍ᠰᠡᠭᠡᠷ ᠪᠠᠢ᠌ᠭᠠᠤᠨ ᠦᠷ᠎ᠡ ᠶᠢᠨ ᠶᠢᠡᠨ ᠦᠳᠦ ᠰᠦᠳᠤ ᠶᠢ ᠨᠢ ᠪᠦᠷᠢᠯᠳᠦᠭᠦᠯᠦᠮᠡᠭ᠍ᠴᠡ ᠦᠷ᠎ᠡ ᠶᠢᠨ ᠶᠢᠡᠨ ᠰᠠᠢ᠌ᠨ ᠢ ᠦᠵᠡᠯ ᠦᠭᠡᠶ ᠪᠠᠷ ᠬᠠᠢ᠌ᠷᠠᠳᠤ ᠡᠵᠢ ᠮᠢᠨᠢ ᠬᠠᠯᠢᠨ ᠣᠳᠤᠯ᠎ᠠ᠃

ᠠᠴᠢᠳᠤ ᠡᠵᠢ ᠡᠴᠠ ᠪᠠᠨ ᠰᠠᠯᠤᠭᠠᠤᠨ ᠭᠤᠴᠢᠨ ᠳᠦᠷᠪᠠᠨ ᠬᠠᠪᠣᠷ ᠨᠠᠮᠤᠷ ᠢ ᠣᠭᠳᠤᠵᠤ ᠦᠳᠡᠯ᠎ᠠ᠂ ᠠᠶᠤᠤᠯᠢᠬᠠᠢ ᠴᠡᠭᠡᠵᠢᠨ ᠡᠴᠠ ᠮᠢᠨᠢ ᠭᠠᠷᠳᠠᠭ ᠦᠭᠡᠶ ᠡᠭᠡ ᠶᠢᠨ ᠡᠨᠡᠷᠢᠯ ᠬᠠᠢ᠌ᠷ᠎ᠠ ᠠᠮᠢᠳᠤᠷᠠᠯ ᠣᠢ᠌ᠯᠠᠰ ᠲᠤ ᠮᠢᠨᠢ ᠨᠠᠷᠠᠨ ᠪᠣᠯᠵᠤ᠂ ᠠᠯᠬᠤᠵᠤ ᠭᠢᠰᠭᠢᠭᠦ ᠳᠤ ᠮᠢᠨᠢ ᠳᠦᠰᠢᠭ᠌ ᠪᠣᠯᠵᠤ᠂ ᠠᠯᠤᠰ ᠶᠠᠪᠣᠬᠤ ᠳᠤ ᠮᠢᠨᠢ ᠬᠠᠷᠠᠭ᠎ᠠ ᠪᠣᠯᠪᠠ᠃

ᠭᠦᠭᠡᠷᠦᠭᠦᠢ ᠬᠠᠢ᠌ᠷᠠᠳᠤ ᠡᠵᠢ ᠮᠢᠨᠢ᠂ ᠡᠨᠡᠷᠢᠯ ᠠᠴᠢ ᠶᠢ ᠴᠢᠨᠢ ᠡᠨᠡ ᠨᠠᠰᠤᠨ ᠳᠠᠭᠠᠨ ᠬᠠᠷᠢᠭᠤᠯᠵᠤ ᠳᠡᠢ᠌ᠯᠭᠦ ᠦᠭᠡᠶ ᠴᠤ ᠡᠭᠡ ᠣᠷᠤᠨ ᠳᠠᠭᠠᠨ ᠡᠩ ᠤᠨ ᠨᠢᠭᠡᠨ ᠮᠤᠳᠤ ᠪᠣᠯᠤᠨ ᠣᠷᠭᠤᠵᠤ ᠡᠵᠢ ᠳᠠᠨ ᠢ ᠪᠠᠨ ᠪᠣᠷᠤᠭᠠᠨ ᠰᠠᠯᠭᠢᠨ ᠡᠴᠠ ᠬᠠᠯᠬᠠᠯᠠᠵᠤ ᠬᠠᠮᠠᠭᠠᠯᠠᠵᠤ ᠶᠠᠪᠣᠬᠤ ᠨᠢ ᠡᠷᠪᠠᠢ ᠦᠷ᠎ᠡ ᠶᠢᠨ ᠴᠢᠨᠢ ᠭᠦᠰᠡᠯ ᠵᠤᠷᠢᠯᠳᠠ ᠪᠢᠯᠠ ᠁

ᠨᠠᠷᠠᠨ ᠪᠣᠯᠤᠭᠰᠠᠨ ᠬᠠᠢ᠌ᠷᠠᠳᠤ ᠡᠵᠢ ᠮᠢᠨᠢ ᠠᠮᠤᠷᠯᠢᠩᠭ᠋ᠤᠢ ᠨᠣᠢ᠌ᠷᠰᠤᠭᠠᠷᠠᠢ ︕

ᠨᠠᠷᠠᠳᠤ ᠶ‍ᠢᠷᠳᠢᠠᠴᠤ ᠳᠤ ᠦᠷ᠎ᠡ ᠴᠢᠨᠢ ᠪᠢ ᠨᠠᠷᠠᠨ ᠤ ᠪᠡᠨ ᠳᠤᠤᠷ᠎ᠠ 《ᠳᠡᠭ᠍ᠷᠢ ᠶᠢᠨ ᠦᠰᠦᠭ᠌》 ᠰᠢᠭ᠌ ᠶᠢᠡᠨ ᠪᠣᠰᠤᠭ᠎ᠠ ᠶᠠᠪᠣᠨ᠎ᠠ᠃


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6192
ᠴᠠᠭ᠄ 2012 ᠤᠨ ᠤ 06 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ