ᠨᠡᠪᠲᠡᠷᠡᠨ ᠤᠷᠤᠬᠤ
ᠠᠮᠠᠷᠠᠭ ᠪᠦᠷᠦᠢ

ᠰᠢᠷᠭᠠᠯ ᠪᠦᠷᠦᠢ

ᠭᠦᠩᠭᠡᠭᠡᠨ ᠥᠯᠢᠶᠡᠭ᠍ᠳᠡᠵᠤ

ᠪᠣᠷᠤ ᠡᠳᠦᠷ ᠣᠠᠳᠠᠷᠠᠨ᠎ᠠ

ᠰᠠᠨᠠᠬᠤ ᠶᠢᠨ ᠳᠠᠪᠢᠯᠠᠩ ᠳ᠋ᠤ

ᠵᠡᠭᠦᠳᠤ ᠪᠦᠮᠪᠦᠷᠢᠨ  

ᠰᠠᠷᠠᠨ ᠤ ᠳᠤᠤᠷ᠎ᠠ ᠳᠡᠦᠭᠡ ᠦᠷᠭᠦᠯᠵᠢᠯᠡᠨ᠎ᠡ

ᠰᠠᠠᠰᠠᠷ ᠤᠨ ᠴᠠᠭᠠᠨ᠎ᠠ ᠡᠴᠠ

ᠴᠢ ᠮᠢᠨᠢ

ᠨᠠᠷᠠ ᠡᠭᠦᠷᠴᠤ ᠢᠷᠠᠪᠠ

ᠬᠠᠷᠠᠩᠭ᠋ᠤᠢ ᠶᠢ ᠦᠷᠭᠦᠭᠡᠵᠤ

ᠬᠠᠵᠠᠭᠤ ᠳᠤ ᠮᠢᠨᠢ ᠭᠡᠷᠡᠯᠳᠤᠪᠡ

ᠠᠯᠠᠭᠠᠨ ᠴᠢᠨᠡᠭᠡᠨ ᠵᠠᠢ ᠳ᠋ᠤ

ᠳᠡᠭ᠍ᠷᠢ ᠰᠢᠭ᠌ ᠪᠦᠵᠢᠭᠯᠡᠪᠡ

ᠠᠮᠠᠷᠠᠭ ᠪᠦᠷᠦᠢ ᠶᠢᠨ ᠴᠢᠯᠦᠭᠡᠨ ᠳ᠋ᠤ

ᠳᠡᠦᠭᠡ ᠰᠢᠭ᠌ ᠰᠤᠯᠤᠩᠭ᠋ᠠᠷᠠᠪᠠ

ᠣᠳᠤᠳ ᠤᠨ ᠰᠤᠷᠮᠤᠤᠰᠤ ᠨᠢ

ᠴᠤᠩᠬᠤᠨ ᠴᠠᠭᠠᠨ᠎ᠠ ᠴᠠᠷᠴᠠᠪᠠ

ᠣᠷᠴᠢᠯᠠᠩ ᠳᠡᠯᠡᠭᠡᠢ ᠳᠤ ᠪᠢ

ᠣᠷᠤᠰᠢᠬᠤ ᠦᠭᠡᠶ ᠰᠢᠭ᠌ ᠵᠢᠷᠭᠠᠪᠠ


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠠᠯᠪᠣᠷᠢ

ᠵᠤᠬᠢᠶᠠᠭᠴᠢ᠄ ᠤᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 10 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ