☆ ᠢ᠊·ᠮᠥᠩᠬᠡᠡᠷᠳᠡᠨᠢ
ᠴᠢᠮ᠎ᠠ ᠣᠷᠤᠭᠤ ᠪᠠᠨ
ᠪᠢ ᠡᠵᠢ ᠪᠠᠨ ᠰᠠᠨᠠᠳᠠᠭ ᠪᠣᠯᠬᠤᠷ ᠨᠤᠳᠤᠭ ᠣᠷᠤᠭᠤ ᠪᠠᠨ
ᠪᠢ ᠡᠭᠡ ᠣᠷᠤᠨ ᠶᠢᠡᠨ ᠵᠡᠭᠦᠳᠦᠯᠡᠳᠡᠭ᠌ ᠪᠣᠯᠬᠤᠷ ᠮᠤᠩᠭ᠋ᠤᠯ ᠣᠷᠤᠭᠤ ᠪᠠᠨ
ᠪᠢ ᠰᠠᠷᠠᠨ ᠳᠤ ᠪᠣᠯᠵᠤᠭᠰᠠᠨ ᠶᠤᠮ ᠴᠢᠨᠢ ᠳᠡᠭ᠍ᠷᠢ ᠯᠦᠭᠡ ᠪᠠᠨ
ᠪᠢ ᠴᠢᠮ᠎ᠠ ᠳᠤ ᠬᠠᠢ᠌ᠷᠠᠳᠠᠢ ᠶᠤᠮ ᠴᠢᠨᠢ ᠠᠮᠢᠳᠤᠷᠠᠯ ᠣᠷᠤᠭᠤ ᠪᠠᠨ
ᠪᠢ ᠨᠤᠳᠤᠭ ᠲᠠᠭᠠᠨ ᠨᠢᠭᠡ ᠬᠠᠷᠢᠬᠤ ᠳᠤ ᠢᠵᠢᠢ᠌ ᠮᠢᠨᠢ ᠨᠠᠮ᠎ᠠ ᠶᠢ ᠥᠨᠦᠰᠦᠭ᠍ᠰᠡᠨ
ᠪᠢ ᠮᠤᠩᠭ᠋ᠤᠯ ᠳᠠᠭᠠᠨ ᠨᠢᠭᠡ ᠣᠴᠢᠬᠤ ᠳᠤ ᠡᠭᠡ ᠣᠷᠤᠨ ᠮᠢᠨᠢ ᠨᠠᠮ᠎ᠠ ᠶᠢ ᠥᠨᠦᠷᠯᠡᠭ᠍ᠰᠡᠨ
ᠪᠢ ᠳᠡᠭ᠍ᠷᠢ ᠳᠤ ᠨᠢᠭᠡ ᠭᠠᠷᠬᠤ ᠳᠤ ᠰᠠᠷ᠎ᠠ ᠨᠠᠮ᠎ᠠ ᠶᠢ ᠭᠦᠳᠦᠯᠦᠭ᠍ᠰᠡᠨ
ᠪᠢ ᠠᠮᠢᠳᠤᠷᠠᠯ ᠳᠤ ᠨᠢᠭᠡ ᠢᠷᠡᠭᠦ ᠳᠤ ᠴᠢ ᠨᠠᠮ᠎ᠠ ᠶᠢ ᠣᠭᠳᠤᠭᠰᠠᠨ
ᠴᠠᠢ ᠪᠠᠨ ᠴᠢᠨᠠᠭᠠᠤᠨ ᠭᠦᠯᠢᠶᠡᠭ᠍ᠰᠡᠨ ᠠᠵᠠᠢ ᠪᠣᠭᠤᠷᠤᠯ ᠳᠠᠨ ᠳ᠋ᠠᠭᠠᠨ
ᠴᠠᠩᠭ᠋ᠠᠵᠤ ᠶᠠᠪᠣᠭ᠎ᠠ ᠭᠦᠤ ᠴᠢᠨᠢ ᠣᠴᠢᠬᠤ ᠦᠭᠡᠶ ᠶᠠᠭᠠᠭᠢᠬᠤ ᠶᠤᠮ ᠪᠣᠢ ᠡᠵᠢ ᠡ
ᠴᠠᠰᠤᠳᠤ ᠦᠨᠳᠦᠷ ᠠᠯᠳᠠᠢ ᠨᠢ ᠳᠡᠯᠡᠭᠡᠢ ᠶᠢ ᠴᠢᠮᠠᠵᠤ ᠰᠥᠮᠪᠦᠷᠯᠡᠭ᠍ᠰᠡᠨ
ᠴᠠᠭ ᠤᠨ ᠰᠠᠢ᠌ᠬᠠᠨ ᠮᠤᠩᠭ᠋ᠤᠯ ᠳᠠᠭᠠᠨ ᠳᠦᠷᠦᠭᠦ ᠦᠭᠡᠶ ᠶᠠᠭᠠᠭᠢᠬᠤ ᠶᠤᠮ ᠪᠣᠢ ᠡᠭᠡ ᠣᠷᠤᠨ ᠡ
ᠳᠤᠷᠤᠨ᠎ᠠ ᠵᠥᠭ᠌ ᠤᠨ ᠰᠠᠷ᠎ᠠ ᠨᠢ ᠰᠢᠯᠦᠭ᠌ ᠣᠩᠰᠢᠵᠤ ᠭᠡᠷᠡᠯᠳᠦᠭ᠍ᠰᠡᠨ
ᠳᠤᠯᠤᠭᠠᠨ ᠪᠣᠷᠬᠠᠨ ᠳᠠᠨ ᠳᠤᠷ ᠰᠥᠭᠦᠷᠭᠦ ᠦᠭᠡᠶ ᠶᠠᠭᠠᠭᠢᠬᠤ ᠶᠤᠮ ᠪᠣᠢ ᠳᠡᠭ᠍ᠷᠢ ᠡ
ᠠᠮᠢᠳᠤ ᠶᠠᠪᠣᠬᠤ ᠶᠢᠨ ᠣᠴᠢᠷ ᠢ ᠨᠠᠳᠠᠳᠤ ᠭᠡᠯᠡᠭ᠍ᠰᠡᠨ ᠪᠣᠯᠬᠤᠷ ᠴᠢᠨᠢ
ᠠᠮᠢᠳᠤᠷᠠᠯ ᠤᠨ ᠬᠠᠨᠢ ᠴᠢᠮ᠎ᠠ ᠳᠠᠭᠠᠨ ᠬᠠᠢ᠌ᠷ᠎ᠠ ᠦᠭᠡᠶ ᠶᠠᠭᠠᠭᠢᠬᠤ ᠶᠤᠮ ᠪᠣᠢ ᠰᠤᠯᠤᠩᠭ᠋ᠤᠸ᠎ᠠ︕
ᠪᠢ ᠳᠤᠷᠠᠯᠠᠯ ᠰᠢᠭ ᠠᠰᠠᠵᠤ ᠴᠢᠮ᠎ᠠ ᠣᠷᠤᠭᠤ ᠪᠠᠨ
ᠪᠢ ᠳᠠᠭᠤᠤ ᠰᠢᠭ ᠣᠶᠠᠩᠭ᠋ᠠᠷᠠᠵᠤ ᠴᠢᠮ᠎ᠠ ᠣᠷᠤᠭᠤ ᠪᠠᠨ
ᠪᠢ ᠠᠳᠤᠭᠤ ᠰᠢᠭ ᠳᠠᠪᠭᠢᠵᠤ ᠴᠢᠮ᠎ᠠ ᠣᠷᠤᠭᠤ ᠪᠠᠨ
ᠪᠢ ᠠᠢ᠌ᠷᠠᠭ ᠰᠢᠭ ᠡᠰᠦᠵᠤ ᠴᠢᠮ᠎ᠠ ᠣᠷᠤᠭᠤ ᠪᠠᠨ᠁
ᠵᠤᠬᠢᠶᠠᠭᠴᠢ᠄ ᠢ᠊·ᠮᠥᠩᠬᠡᠡᠷᠳᠡᠨᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2713
ᠴᠠᠭ᠄ 2009 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ