☆ ᠰᠠᠷ᠎ᠠ
ᠬᠠᠷ᠎ᠠ ᠭᠦᠤ ᠮᠠᠨᠢ ᠭᠢᠯᠢ ᠶᠢᠨ ᠴᠠᠭᠠᠨ᠎ᠠ ᠰᠠᠭᠤᠳᠠᠭ
ᠬᠤᠯᠠ ᠶᠢᠨ ᠬᠤᠯᠠ ᠭᠢᠯᠢ ᠶᠢᠨ ᠴᠠᠭᠠᠨ᠎ᠠ
ᠬᠠᠷ᠎ᠠ ᠭᠦᠤ ᠮᠢᠨᠢ ᠪᠠᠢ᠌ᠳᠠᠭ
ᠬᠠᠮᠢᠶ᠎ᠠ ᠦᠭᠡᠶ ᠥᠭᠡ ᠰᠢᠳᠡᠴᠢᠭᠡᠭᠡᠳ
ᠴᠢᠮ᠎ᠠ ᠶᠢ ᠳᠤᠭᠯᠠᠵᠤ ᠰᠠᠭᠤᠳᠠᠭ
ᠵᠤᠬᠢᠶᠠᠵᠤ ᠪᠢᠴᠢᠵᠤ ᠴᠢᠳᠠᠬᠤ ᠦᠭᠡᠶ ᠭᠡᠵᠤ
ᠵᠦᠷᠢᠭᠦᠯᠵᠤ ᠶᠠᠷᠢᠬᠤ ᠳᠤᠷ᠎ᠠ ᠲᠡᠶ ᠴᠤ
ᠨᠠᠢ᠌ᠷᠠᠭ ᠠᠢ᠌ᠷᠠᠭ ᠤᠨ ᠱᠦᠯᠦᠨ ᠳᠤ
ᠪᠣᠴᠠᠯᠵᠤ ᠶᠠᠪᠣᠬᠤ ᠣᠩᠭ᠋ᠤᠳ ᠲᠡᠶ
ᠨᠣᠢ᠌ᠳᠠᠨ ᠳᠤᠭᠤᠯ ᠰᠢᠭ ᠰᠢᠯᠦᠭ᠌ ᠢ ᠮᠢᠨᠢ
ᠳᠤᠷᠠᠯᠠᠯ ᠤᠨ ᠭᠦᠳᠦᠰᠤ ᠪᠠᠷ ᠪᠠᠭᠯᠠᠭᠠᠤᠨ
ᠣᠷᠠᠩᠬᠠᠢ ᠶᠠᠳᠠᠭᠤᠬᠠᠨ ᠪᠠᠳᠠᠭ ᠢ
ᠥᠭᠦᠭᠡᠷᠳᠡᠵᠤ ᠣᠩᠰᠢᠬᠤ ᠳᠤᠷ᠎ᠠ ᠳᠠᠢ
ᠦᠨᠡᠨ ᠬᠤᠳᠠᠯ ᠬᠤᠯᠢᠯᠳᠤᠭᠰᠠᠨ
ᠡᠷᠪᠠᠭᠡᠢ ᠰᠢᠭ᠌ ᠡᠷᠢᠶᠡᠨ ᠰᠦᠯᠵᠢᠶ᠎ᠠ ᠳ᠋ᠤ
ᠦᠨᠡᠨ ᠬᠠᠢ᠌ᠷ᠎ᠠ ᠶᠢᠨ ᠭᠦᠡᠳᠤ
ᠵᠢᠩ ᠳᠠᠷᠤᠬᠤ ᠦᠭᠡᠶ ᠭᠢᠮᠳᠠᠷᠠᠳᠠᠭ ᠴᠤ
ᠬᠠᠭᠠᠨ ᠰᠢᠭ᠌ ᠬᠠᠷ᠎ᠠ ᠭᠦᠤ
ᠬᠤᠷᠳᠤᠨ ᠭᠦᠯᠦᠭ᠌ ᠶᠢᠡᠷ ᠥᠯᠦᠭᠡᠢ᠌ᠳᠡᠭᠦᠯᠵᠤ
ᠬᠠᠢ᠌ᠷ᠎ᠠ ᠶᠢᠨ ᠢᠯᠴᠢᠨ ᠳᠤ ᠳᠤᠭᠵᠢᠷᠠᠭᠰᠠᠨ
ᠭᠦᠭᠡᠷᠦᠭᠦᠨ ᠭᠦᠩᠵᠤ ᠪᠠᠨ ᠠᠴᠢᠭᠠᠤᠨ
ᠬᠠᠯᠬ᠎ᠠ ᠶᠢᠨ ᠭᠤᠤᠯ ᠡᠴᠠ ᠱᠥᠭᠦᠭ᠍ᠰᠡᠨ
ᠬᠠᠳᠤᠨ ᠣᠯᠠᠭᠠᠨ ᠱᠢᠷᠤ ᠵᠢ
ᠬᠤᠷᠤᠭᠤᠨ ᠳᠤ ᠮᠢᠨᠢ ᠦᠨᠦᠰᠴᠤ ᠵᠡᠭᠦᠯᠭᠡᠯ᠎ᠡ ᠭᠡᠵᠤ
ᠬᠡᠦᠬᠡᠳ ᠰᠢᠭ᠌ ᠰᠠᠨᠠᠭᠠᠤᠨ ᠳᠤᠭᠳᠤᠯᠪᠠ
ᠬᠤᠯᠠ ᠶᠢᠨ ᠬᠤᠯᠠ ᠭᠢᠯᠢ ᠶᠢᠨ ᠴᠠᠭᠠᠨ᠎ᠠ
ᠬᠠᠷ᠎ᠠ ᠭᠦᠤ ᠮᠢᠨᠢ ᠪᠠᠢ᠌ᠳᠠᠭ
ᠬᠠᠮᠢᠶ᠎ᠠ ᠦᠭᠡᠶ ᠥᠭᠡ ᠰᠢᠳᠡᠴᠢᠭᠡᠭᠡᠳ
ᠴᠢᠮ᠎ᠠ ᠶᠢ ᠳᠤᠭᠯᠠᠵᠤ ᠰᠠᠭᠤᠳᠠᠭ
ᠴᠢᠪᠠᠭ᠎ᠠ ᠳᠤ 2012.02.22
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠠᠷᠤ ᠬᠤᠷᠴᠢᠨ
ᠵᠤᠬᠢᠶᠠᠭᠴᠢ᠄ ᠰᠠᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2012 ᠤᠨ ᠤ 02 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ