ᠨᠡᠪᠲᠡᠷᠡᠨ ᠤᠷᠤᠬᠤ
ᠪᠢ ᠶᠠᠭᠤᠨ ᠳᠤ ᠳᠦᠷᠦᠭᠡ ᠪᠣᠢ

ᠡᠵᠢ ᠶᠢᠨ ᠠᠷᠢᠭᠤᠨ ᠰᠥ᠋ ᠢᠪᠢᠯᠦᠭᠦᠯᠵᠤ

ᠠᠪᠣ ᠶᠢᠨ ᠬᠠᠳᠠᠭᠤ ᠰᠡᠳᠭᠢᠯ ᠣᠶᠠᠰᠬᠠᠵᠤ

ᠢᠰᠡᠭᠡᠢ ᠭᠡᠷ ᠤᠨ ᠳᠠᠢ᠌ᠪᠣᠩ ᠡᠪᠳᠡᠵᠤ

ᠪᠢ ᠶᠠᠭᠤᠨ ᠳᠤ ᠳᠦᠷᠦᠭᠡ ᠪᠣᠢ ︖

ᠡᠴᠢᠭᠡ ᠶᠢᠨ ᠭᠤᠯᠤᠮᠳᠠ ᠵᠠᠯᠭᠠᠶ᠎ᠠ ᠭᠡᠵᠤ

ᠡᠪᠦᠭᠡᠳ ᠤᠨ ᠭᠠᠯ ᠶᠢᠡᠨ ᠪᠠᠳᠠᠷᠠᠭᠠᠶ᠎ᠠ ᠭᠡᠵᠤ

ᠨᠣᠢ᠌ᠳᠠᠨ ᠬᠠᠮᠠᠭᠤ ᠲᠡᠶ ᠪᠠᠶ᠎ᠠ ᠪᠠᠨ ᠢᠪᠢᠵᠤ

ᠶ‍ᠢᠷᠳᠢᠨᠴᠤ ᠳᠤ ᠪᠢ ᠳᠦᠷᠦᠭ᠍ᠰᠡᠨ ᠶᠤᠮ︕

ᠡᠪᠦᠭᠡ ᠶᠢᠨ ᠬᠠᠭᠤᠴᠢᠨ ᠪᠠᠭᠤᠷᠢ ᠳᠡᠭᠡᠷ᠎ᠡ

ᠦᠣᠷ ᠤᠨ ᠴᠠᠭᠠᠨ ᠭᠡᠭᠡ ᠵᠠᠪᠳᠤᠵᠤ

ᠨᠢᠯᠬ᠎ᠠ ᠶᠢᠨ ᠣᠩᠭ᠋ᠤᠨ ᠳᠠᠭᠤ ᠪᠠᠨ ᠵᠢᠩᠭᠢᠨᠡᠭᠦᠯᠵᠤ

ᠪᠢ ᠶᠠᠭᠤᠨ ᠳᠤ ᠳᠦᠷᠦᠭᠡ ᠪᠣᠢ ︖

ᠳᠠᠯ ᠪᠣᠰᠤᠭ᠎ᠠ ᠭᠦᠯᠦᠭ᠌ ᠤᠨ ᠨᠢᠷᠤᠭᠤᠨ ᠳᠤ

ᠳᠦᠷᠦᠭᠡ ᠪᠣᠰᠤᠭ᠎ᠠ ᠴᠠᠭᠢᠯᠵᠤ ᠶᠠᠪᠣᠭᠰᠠᠨ

ᠳᠡᠭ᠍ᠷᠢᠯᠢᠭ᠌ ᠵᠠᠶᠠᠭᠠᠨ ᠤ ᠳᠤᠤᠯᠢ ᠣᠩᠰᠢᠨ᠎ᠠ ᠭᠡᠵᠤ

ᠳᠡᠯᠡᠭᠡᠢ ᠳᠤ ᠪᠢ ᠳᠦᠷᠦᠭ᠍ᠰᠡᠨ ᠶᠤᠮ︕

ᠪᠣᠳᠤᠯ ᠴᠠᠢ᠌ᠯᠭᠠᠨ ᠴᠢᠨᠠᠷ ᠪᠠᠷᠢᠵᠤ

ᠪᠣᠶᠠᠠᠰᠠᠭ ᠴᠠᠭᠠᠨ ᠣᠳᠤᠮ ᠵᠠᠯᠭᠠᠵᠤ

ᠪᠣᠯᠠᠩᠭᠢᠷ ᠦᠭᠡᠶ ᠬᠣᠢ᠌ᠮᠤᠷ ᠡᠵᠡᠯᠡᠵᠤ

ᠪᠢ ᠶᠠᠭᠤᠨ ᠳᠤ ᠳᠦᠷᠦᠭᠡ ᠪᠣᠢ ︖

ᠪᠣᠷᠬᠠᠨ ᠪᠣᠮᠪᠠ ᠶᠢᠨ ᠣᠷᠤᠨ ᠤ ᠪᠠᠨ

ᠳᠤᠭᠤᠰᠤ ᠦᠭᠡᠶ ᠶᠢ ᠰᠠᠨᠠᠵᠤ

ᠪᠣᠶᠠᠨ ᠤ ᠴᠠᠭᠠᠨ ᠭᠡᠯᠡ ᠶᠢᠨ ᠶᠢᠡᠨ

ᠳᠤᠷᠤᠭ᠎ᠠ ᠦᠭᠡᠶ ᠶᠢ ᠢᠳᠡᠭᠡᠵᠤ

ᠶᠡᠭᠡ ᠣᠬᠠᠭᠠᠨ ᠤ ᠨᠡᠭᠡᠯ ᠳᠠᠯᠪᠢᠵᠤ

ᠮᠤᠩᠭ᠋ᠤᠯ ᠳᠠᠭᠠᠨ ᠪᠢ ᠳᠦᠷᠦᠭ᠍ᠰᠡᠨ ᠶᠤᠮ᠁


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ