☆ ᠨᠡᠰᠦᠡᠳᠡᠯᠭᠡᠷ
ᠥᠷᠦᠭᠡᠰᠤᠨ ᠳᠠᠯᠠᠪᠴᠢ ᠲᠡᠶ ᠳᠠᠭᠢᠨᠢ
ᠠᠷᠭᠠᠯᠢ ᠠᠭᠤᠯᠠ ᠶᠢᠨ ᠬᠠᠪᠣᠷ ᠠᠭᠢᠭᠠᠤᠨ ᠢᠷᠠᠵᠠᠢ ᠶᠠᠩᠵᠢᠮ᠎ᠠ
ᠠᠮᠠᠷᠠᠭ ᠵᠢᠭᠠᠬᠠᠨ ᠴᠢᠮ᠎ᠠ ᠡᠴᠡ ᠪᠠᠨ ᠰᠠᠯᠤᠭᠠᠤᠨ ᠣᠳᠠᠵᠠᠢ ᠶᠠᠩᠵᠢᠮ᠎ᠠ
ᠠᠯᠠᠭᠬᠠᠨ ᠡᠨᠡ ᠪᠦᠮᠪᠦᠷᠴᠡᠭ᠌ ᠨᠢ ᠠᠪᠴᠢᠭᠠᠤᠨ ᠥᠭ᠍ᠳᠡᠭ᠌ ᠦᠭᠡᠶ ᠶᠠᠩᠵᠢᠮ᠎ᠠ
ᠠᠳᠠᠯᠢᠬᠠᠨ ᠰᠠᠨᠠᠭᠰᠠᠨ ᠬᠤᠶᠠᠷ ᠢ ᠠᠭᠤᠯᠵᠠᠭᠤᠯᠤᠭᠠᠤᠨ ᠦᠭᠭᠦᠭᠡᠴᠢ ᠽᠠᠮᠪᠣᠯᠢᠩ ᠡ
ᠪᠣᠭᠳᠠ ᠠᠭᠤᠯᠠ ᠶᠢᠨ ᠣᠷᠤᠢ ᠪᠠᠷ ᠣᠨᠢᠶᠠᠷ ᠨᠢ ᠳᠠᠳᠠᠵᠠᠢ ᠶᠠᠩᠵᠢᠮ᠎ᠠ
ᠪᠣᠷᠤᠬᠠᠨ ᠵᠢᠭᠠᠬᠠᠨ ᠴᠢᠮ᠎ᠠ ᠶᠢ ᠪᠠᠨ ᠰᠠᠨᠠᠬᠤ ᠯᠠ ᠶᠤᠮ ᠳ᠋ᠠ ᠶᠠᠩᠵᠢᠮ᠎ᠠ
ᠪᠣᠭᠤᠷᠤᠯ ᠡᠨᠡ ᠪᠦᠮᠪᠦᠷᠴᠡᠭ᠌ ᠨᠢ ᠵᠢᠵᠢᠭ᠍ᠷᠡᠭᠡᠳ ᠥᠭ᠍ᠳᠡᠭ᠌ ᠦᠭᠡᠶ ᠶᠠᠩᠵᠢᠮ᠎ᠠ
ᠪᠣᠳᠤᠯ ᠨᠢ ᠢᠵᠢᠯᠭᠡᠨ ᠬᠤᠶᠠᠷ ᠢ ᠵᠤᠯᠭᠠᠭᠤᠯᠤᠭᠠᠤᠨ ᠦᠭᠭᠦᠭᠡᠴᠢ ᠽᠠᠮᠪᠣᠯᠢᠩ ᠡ
ᠨᠠᠭᠤᠷ ᠰᠡᠳᠭᠢᠯ ᠬᠤᠶᠠᠷ ᠨᠢ ᠥᠨᠦᠴᠢᠷᠡᠭᠡᠳ ᠬᠤᠴᠤᠷᠴᠠᠢ ᠶᠠᠩᠵᠢᠮ᠎ᠠ
ᠨᠢᠭᠤᠴᠠᠬᠠᠨ ᠵᠢᠭᠠᠬᠠᠨ ᠴᠢᠮ᠎ᠠ ᠳᠠᠭᠠᠨ ᠳᠡᠩᠳᠡᠭᠦᠤ ᠳᠠᠰᠴᠠᠢ ᠶᠠᠩᠵᠢᠮ᠎ᠠ
ᠨᠣᠢ᠌ᠷ ᠤᠨ ᠳᠤᠮᠳᠠ ᠪᠠᠨ ᠴᠤ ᠭᠡᠰᠡᠨ ᠠᠭᠤᠯᠵᠠᠬᠤ ᠯᠠ ᠶᠤᠮᠰᠠᠨ ᠶᠠᠩᠵᠢᠮ᠎ᠠ
ᠨᠢᠯᠪᠣᠰᠤ ᠪᠠᠨ ᠨᠢᠭᠤᠯ ᠦᠭᠡᠶ ᠣᠭᠢᠯᠠᠩᠬᠠᠨ ᠠᠭᠤᠯᠵᠠᠶ᠎ᠠ ᠯᠠ ᠳ᠋ᠠ ᠶᠠᠩᠵᠢᠮ᠎ᠠ
ᠡᠩᠭᠡᠷ ᠨᠦᠮᠦᠷᠢ ᠭᠠᠵᠠᠷ ᠴᠠᠰᠤᠨ ᠬᠤᠷᠠᠵᠠᠢ ᠶᠠᠩᠵᠢᠮ᠎ᠠ
ᠡᠷᠭᠢᠵᠤ ᠣᠯᠳᠠᠬᠤ ᠦᠭᠡᠶ ᠴᠢᠮ᠎ᠠ ᠳᠠᠭᠠᠨ ᠳᠡᠩᠳᠡᠭᠦᠤ ᠳᠠᠰᠴᠠᠢ ᠶᠠᠩᠵᠢᠮ᠎ᠠ
ᠦᠨᠡᠨ ᠬᠠᠢ᠌ᠷ᠎ᠠ ᠶᠢᠨ ᠳᠡᠭ᠍ᠷᠢ ᠳᠤ ᠳᠠᠪᠠᠷᠢᠯᠴᠠᠨ ᠨᠢᠰᠤᠶᠠ ᠬᠤᠶᠠᠭᠤᠯᠠ ᠪᠠᠨ
ᠥᠷᠦᠭᠡᠰᠤᠨ ᠳᠠᠯᠠᠪᠴᠢ ᠲᠡᠶ ᠳᠠᠭᠢᠨᠢ ᠮᠢᠨᠢ ᠨᠠᠳᠠ ᠳᠠᠭᠠᠨ ᠢᠷᠡᠭᠡᠴᠢ ᠶᠠᠩᠵᠢᠮ᠎ᠠ
2009 ᠣᠨ ᠤ 12 ᠰᠠᠷ᠎ᠠ
ᠵᠤᠬᠢᠶᠠᠭᠴᠢ ᠶᠢᠨ ᠬᠠᠶᠢᠭ ᠄ ᠡᠷᠢᠶᠡᠨ ᠬᠤᠳᠠ
ᠵᠤᠬᠢᠶᠠᠭᠴᠢ᠄ ᠨᠡᠰᠦᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2009 ᠤᠨ ᠤ 12 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ