☆ ᠭᠠᠯ
ᠵᠡᠭᠦᠳᠤᠨ ᠳᠤ ᠪᠠᠭᠤᠳᠠᠭ ᠴᠢ ᠮᠢᠨᠢ
ᠣᠤᠯ ᠨᠢ ᠵᠡᠭᠦᠳᠡᠨ ᠳᠤ ᠴᠢ ᠪᠠᠢ᠌ᠭᠰᠠᠨ ᠶᠤᠮ
ᠣᠳᠤ ᠰᠠᠢ᠌ᠬᠠᠨ ᠵᠡᠭᠦᠳᠤ ᠲᠡᠶ ᠪᠠᠨ ᠭᠦᠭᠡᠰᠤ ᠪᠣᠯᠵᠤ ᠵᠠᠮᠬᠠᠷᠠᠯ᠎ᠠ
ᠣᠶᠠᠬᠠᠨ ᠭᠠᠷ ᠡᠴᠡ ᠴᠢᠨᠢ ᠭᠦᠳᠦᠯᠵᠤ ᠭᠡᠳᠦᠢ ᠴᠤ ᠶᠠᠪᠣᠯ᠎ᠠ
ᠣᠭᠢᠯᠠᠵᠤ ᠬᠤᠨᠤᠳᠠᠭ ᠵᠢᠷᠦᠭᠡ ᠮᠢᠨᠢ ᠣᠳᠤᠭ᠎ᠠ ᠮᠠᠨᠠᠨ ᠳᠤ ᠳᠦᠭ᠍ᠵᠢᠭ᠍ᠳᠡᠯᠡ
ᠣᠷᠤᠢ ᠭᠡᠮᠰᠢᠯ ᠮᠢᠨᠢ ᠣᠤᠯ ᠨᠢ ᠰᠡᠳᠭᠢᠯ ᠶᠢᠡᠨ ᠴᠢᠮ᠎ᠠ ᠳᠤ ᠳᠤᠰᠢᠶᠠᠭᠰᠠᠨ ᠦᠭᠡᠶ ᠣᠰᠤᠯ
ᠣᠳᠤ ᠪᠣᠯᠬᠤ ᠳᠤ ᠦᠨᠦᠴᠢᠨ ᠰᠡᠳᠭᠢᠯ ᠮᠢᠨᠢ ᠥᠨᠦᠭᠡᠨ ᠬᠠᠷᠠᠩᠭ᠋ᠤᠢ ᠶᠢ ᠶᠠᠭᠠᠭᠢᠵᠤ ᠳᠤᠭᠤᠯᠬᠤ ᠪᠠᠨ ᠣᠯᠵᠤ ᠶᠠᠳᠠᠨ᠎ᠠ
ᠣᠤᠭᠤᠭᠰᠠᠨ ᠠᠷᠢᠭᠢᠨ ᠤ ᠊ᠭ᠍ᠷᠡᠳ᠋ᠦ᠋ᠰ ᠤᠨ ᠳᠤᠭ᠎ᠠ ᠪᠠᠷ ᠬᠠᠪᠣᠷ ᠤᠨ ᠰᠠᠯᠭᠢ ᠡᠪᠦᠯ ᠤᠨ ᠰᠢᠭᠤᠷᠭ᠎ᠠ ᠶᠢᠨ ᠭᠤᠨᠢᠭ ᠵᠠᠩᠭᠢᠷᠠᠨ᠎ᠠ
ᠣᠷᠤᠨ ᠳᠠᠭᠠᠨ ᠪᠢ ᠡᠯᠢᠭᠡ ᠵᠢᠷᠦᠭᠡᠨ ᠤ ᠡᠮᠵᠡᠭ᠌ ᠰᠢᠷᠬᠠᠯᠠᠯ ᠡᠴᠡ ᠡᠳᠡᠭᠡᠷᠡᠵᠤ ᠡᠰᠡ ᠪᠣᠰᠤᠨ᠎ᠠ
ᠡᠭᠦᠨ ᠤ ᠬᠣᠢ᠌ᠰᠢ ᠰᠡᠳᠭᠢᠯ ᠤᠨ ᠳᠡᠭ᠍ᠷᠢ ᠳᠤ ᠮᠢᠨᠢ ᠭᠡᠷᠡᠯᠳᠤ ᠨᠠᠷᠠᠨ ᠪᠠᠷᠠᠭᠠᠨ ᠬᠠᠷᠠᠭᠳᠠᠨ᠎ᠠ
ᠡᠭᠢᠯᠡᠯ ᠡᠴᠦᠰ ᠡᠨᠡᠦᠭᠡᠨ ᠬᠤᠷᠤᠮ ᠶᠢᠡᠷ ᠠᠭᠤᠯᠠᠰ ᠤᠨ ᠪᠠᠷ᠎ᠠ ᠰᠥᠡᠳᠡᠷᠯᠡᠭᠦ ᠪᠠᠨ ᠮᠠᠷᠳᠠᠨ᠎ᠠ
ᠨᠠᠮᠤᠷ ᠤᠨ ᠣᠯᠠᠭᠠᠨ ᠨᠠᠪᠴᠢ ᠨᠠᠳᠠ ᠶᠢ ᠳᠤᠭᠤᠷᠢᠵᠤ ᠭᠡᠢ᠌ᠰᠭᠦ ᠮᠦᠴᠡ ᠨᠠᠢ᠌ᠵᠠ ᠮᠢᠨᠢ
ᠨᠠᠢ᠌ᠷᠠᠭ ᠤᠨ ᠨᠤᠭᠤᠭᠠᠨ ᠰᠢᠪᠠᠨᠠᠯ ᠢ ᠨᠠᠪᠴᠢᠨ ᠤ ᠪᠣᠷᠤᠭᠠᠨ ᠶᠢᠡᠷ ᠣᠩᠰᠢᠭᠠᠷᠠᠢ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ
ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2011 ᠤᠨ ᠤ 02 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ