☆ ᠪᠦᠭᠡᠴᠢᠯᠡᠭᠤ
ᠤᠯᠠᠭᠠᠢ ᠭᠤᠤᠯ
ᠨᠠᠷᠠ ᠬᠤᠷ᠎ᠠ ᠳᠡᠩᠴᠡᠭ᠍ᠰᠡᠨ
ᠨᠠᠢ᠌ᠷᠠᠭ ᠰᠢᠯᠦᠭ᠌ ᠣᠠᠳᠤᠷᠤᠭᠰᠠᠨ
ᠨᠠᠢ᠌ᠷ ᠨᠠᠭᠠᠳᠤᠮ ᠨᠠᠷᠭᠢᠭᠰᠠᠨ
ᠨᠠᠷᠠᠯᠠᠭ ᠰᠠᠢ᠌ᠬᠠᠨ ᠣᠷᠤᠨ
ᠮᠢᠨᠤ ᠣᠯᠠᠭᠠᠢ
ᠨᠢ᠋ᠮᠠᠨ ᠵᠥᠭ᠌ ᠤᠨ ᠨᠠᠢ᠌ᠵᠠ ᠵᠢᠷᠤᠮ ᠳᠠᠢ
ᠨᠠᠢ᠌ᠷᠠᠮᠳᠠᠭᠤ ᠭᠦᠭ᠍ᠵᠢᠯ ᠤᠨ ᠳᠠᠷᠳᠠᠩ ᠵᠠᠮ ᠳᠠᠢ
ᠣᠰᠤ ᠨᠢ ᠳᠤᠩᠭ᠋ᠠᠯᠠᠭ᠂ ᠡᠪᠠᠰᠤ ᠨᠢ ᠰᠤᠷᠭᠤᠭ
ᠣᠤᠭᠠᠯ ᠮᠤᠩᠭ᠋ᠤᠯ ᠤᠨ ᠨᠤᠳᠤᠭ ᠶᠤᠮ ᠳ᠋ᠠ᠃
ᠭᠦᠯ ᠨᠢᠴᠦᠭᠦᠯᠡᠨ ᠭᠦᠶᠦᠭᠡᠳ ᠪᠠᠢ᠌ᠭ᠎ᠠ ᠳ᠋ᠤ
ᠵᠥᠯᠭᠡ ᠨᠢ ᠵᠥᠭᠡᠯᠡᠭᠡᠨ ᠳᠤᠭᠤᠯ ᠤᠨ ᠪᠠᠯᠴᠢᠭᠡᠷ
ᠵᠡᠭᠦᠳᠤᠨ ᠳᠤ ᠦᠷᠳᠦᠭᠡᠳ ᠡᠭᠡᠷᠡᠭ᠍ᠳᠡᠨᠡ᠂
ᠵᠣᠢ᠌ᠯ ᠤᠨ ᠡᠷᠪᠠᠭᠡᠢ ᠶᠢ ᠲᠠᠭᠠᠨ ᠭᠦᠶᠦᠭ᠍ᠰᠡᠨ
ᠵᠥᠭ᠌ ᠦᠭᠡᠶ ᠨᠠᠰᠤᠨ ᠤ ᠮᠢᠨᠢ ᠳᠤᠷᠠᠳᠬᠠᠯ ᠪᠣᠳᠤᠭᠳᠠᠨ᠎ᠠ᠂
ᠣᠨᠤᠭᠰᠠᠨ ᠭᠦᠯᠦᠭ᠌ ᠤᠨ ᠮᠢᠨᠢ ᠭᠦᠯᠦᠰᠤ ᠨᠢ
ᠴᠡᠴᠡᠭ᠌ ᠤᠨ ᠦᠨᠦᠷ ᠲᠡᠶ ᠠᠷᠢᠭᠤᠨ ᠪᠠᠢ᠌ᠭᠰᠠᠨ ᠶᠤᠮ᠂
ᠣᠷᠭᠤᠭ᠎ᠠ ᠰᠠᠢ᠌ᠬᠠᠨ ᠣᠳᠤᠷ ᠤᠳ ᠨᠢ
ᠨᠡᠭᠦᠳᠡᠯ ᠤᠨ ᠴᠢᠯᠦᠭᠡ ᠲᠡᠶ ᠠᠮᠠᠷᠠᠭ᠎ᠠ ᠪᠠᠢ᠌ᠭᠰᠠᠨ ᠶᠤᠮ᠃
ᠥᠶᠦᠭ᠌ ᠬᠠᠪᠣᠷ ᠤᠨ ᠬᠠᠨᠠᠨ ᠳᠤ ᠨᠢ
ᠬᠠᠩᠭᠢ ᠬᠠᠳᠠᠭᠰᠠᠨ ᠪᠣᠷᠴᠠ ᠲᠡᠶ ᠳᠤᠷᠠᠰᠤᠭᠳᠠᠨ᠎ᠠ᠂
ᠦᠷᠭᠡᠨ ᠳᠡᠨᠢᠭᠦᠨ ᠳᠠᠯ᠎ᠠ ᠳᠤ ᠪᠠᠨ
ᠥᠩᠰᠢᠭ᠌ ᠨᠠᠮᠤᠷ ᠶᠢᠡᠷ ᠶᠢᠡᠨ ᠡᠪᠦᠯᠵᠢᠭ᠍ᠰᠡᠨ ᠳᠡᠦᠭᠡ ᠲᠡᠶ ᠶᠤᠮ᠃
ᠳᠠᠪᠢᠨ ᠤ ᠭᠠᠵᠠᠷ ᠳᠠᠪᠭᠢᠭᠠᠤᠨ
ᠳᠠᠨ ᠤ ᠳᠤ ᠰᠠᠶᠢ ᠭᠦᠷᠳᠡᠭ᠌ ᠪᠠᠢ᠌ᠭᠰᠠᠨ ᠰᠢᠤ ᠭᠡᠵᠤ
ᠳᠠᠯ᠎ᠠ ᠶᠢᠨ ᠶᠢᠡᠨ ᠠᠭᠤᠳᠠᠮ ᠢ ᠭᠡᠯᠡᠯᠴᠡᠳᠡᠭ᠌᠂
ᠳᠠᠭᠢᠳᠠᠭ ᠣᠪᠣᠭ᠎ᠠ ᠳᠤ ᠪᠠᠨ ᠣᠴᠠᠷᠠᠭᠠᠤᠨ
ᠳᠠᠨᠢᠳᠠᠭ ᠭᠦᠮᠦᠰ ᠶᠢᠡᠨ ᠳᠤᠭᠤᠯᠳᠠᠭ ᠪᠠᠢ᠌ᠭᠰᠠᠨ᠂
ᠳᠠᠭᠢᠷᠯᠠᠨ ᠣᠷᠤᠰᠤᠭᠰᠠᠨ ᠣᠯᠠᠭᠠᠢ ᠶᠢᠨ ᠭᠤᠤᠯ
ᠥᠡᠳᠦᠷᠯᠢᠭ᠌ ᠤᠨ ᠴᠡᠩᠭᠡᠷ ᠬᠠᠳᠠᠭ ᠶᠤᠮ᠂
ᠦᠯᠴᠢᠷ ᠥᠰᠭᠡᠭ᠍ᠰᠡᠨ ᠣᠮᠠᠷᠠᠳᠤ ᠵᠢᠨ
ᠥᠩᠭᠡᠳᠤ ᠳᠡᠭ᠍ᠷᠢ ᠲᠡᠶ ᠨᠤᠳᠤᠭ ᠶᠤᠮ᠂
ᠡᠪᠦᠭᠡ ᠳᠡᠭᠡᠳᠤ ᠶᠢᠨ ᠬᠠᠢ᠌ᠷᠠᠳᠠᠢ ᠣᠷᠤᠰᠢᠭᠰᠠᠨ
ᠡᠯᠢᠭᠡ ᠪᠦᠳᠤᠨ ᠪᠠᠢ᠌ᠭᠠᠯᠢ ᠳᠡᠯᠡᠭᠡᠢ ᠶᠤᠮ᠂
ᠡᠭᠡ ᠣᠷᠤᠨ ᠭᠡᠵᠤ
ᠮᠢᠨᠤ ᠳᠦᠷᠦᠭ᠍ᠰᠡᠨ ᠬᠠᠯᠠᠭᠤᠨ ᠰᠢᠷᠤᠢ ᠶᠤᠮ᠂
ᠣᠯᠠᠭᠠᠢ ᠭᠤᠤᠯ ᠳᠤ ᠪᠠᠨ
ᠵᠢᠭᠠᠰᠤ ᠶᠤᠮ ᠰᠢᠭ ᠣᠮᠪᠠᠭᠰᠠᠨ ᠬᠠᠢ᠌ᠷ᠎ᠠ ᠳᠠᠢ
ᠣᠷᠳᠤ ᠶᠢᠨ ᠳᠠᠭᠤᠤ ᠰᠢᠭ
ᠣᠷᠢᠳᠤ ᠶᠢᠨ ᠰᠠᠢ᠌ᠬᠠᠨ ᠰᠢᠷᠤᠩᠬᠠᠢ
ᠮᠥᠩᠭᠡ ᠳᠤᠤᠯᠢᠮ᠎ᠠ ᠳᠦᠷᠢᠯᠭᠡ ᠳᠦᠷᠤᠨ᠎ᠡ᠃
ᠵᠤᠬᠢᠶᠠᠭᠴᠢ ᠶᠢᠨ ᠬᠠᠶᠢᠭ ᠄ ᠣᠯᠠᠭᠠᠢ ᠬᠠᠮᠢᠶᠠᠷᠤᠯᠳᠠ ᠶᠢᠨ ᠣᠷᠤᠨ
ᠵᠤᠬᠢᠶᠠᠭᠴᠢ᠄ ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 04 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ