ᠨᠡᠪᠲᠡᠷᠡᠨ ᠤᠷᠤᠬᠤ
ᠢᠳᠡᠭᠡᠨ ᠣᠮᠳᠠᠭᠠᠨ ᠤ ᠠᠮᠳᠠ ᠶᠢᠨ ᠠᠨᠠᠭᠠᠨ ᠵᠤᠭᠢᠴᠠᠭᠤᠯᠤᠯ

ᠮᠤᠩᠭ᠋ᠤᠯᠴᠤᠳ ᠢᠳᠡᠭᠡᠨ ᠣᠮᠳᠠᠭᠠᠨ ᠡᠳ᠋ᠯᠡᠭᠦ ᠳᠤ ᠪᠠᠨ ᠠᠮᠳᠠ ᠶᠢᠨ ᠵᠣᠢ᠌ᠯ᠂ ᠳᠤᠬᠠᠢ᠌ᠯᠠᠪᠠᠯ ᠠᠮᠳᠠᠯᠢᠭ᠂ ᠭᠠᠰᠢᠭᠤᠨ᠂ ᠭᠤᠱᠤᠭᠤᠨ᠂ ᠢᠰᠭᠦᠯᠡᠩ᠂ ᠳᠠᠪᠣᠰᠤᠯᠢᠭ ᠢ ᠭᠡᠮ ᠭᠡᠮᠵᠢᠶ᠎ᠡ ᠲᠡᠶ ᠪᠠᠭ᠎ᠠ ᠡᠳ᠋ᠯᠡᠭᠦ ᠶᠢ ᠵᠤᠷᠢᠳᠠᠭ᠃ ᠠᠮᠳᠠ ᠶᠢᠨ ᠵᠣᠢ᠌ᠯ ᠢ ᠢᠳᠡᠭᠡᠨ ᠣᠮᠳᠠᠭᠠᠨ ᠤ ᠴᠢᠨᠠᠷ ᠲᠤ ᠵᠤᠭᠢᠴᠠᠭᠤᠯᠤᠨ ᠭᠡᠮᠵᠢᠶ᠎ᠡ ᠲᠡᠶ ᠡᠳ᠋ᠯᠡᠪᠠᠯ ᠢᠳᠡᠭᠡᠨ ᠣᠮᠳᠠᠭᠠᠨ ᠤ ᠳᠤᠷᠠᠰᠢᠯ ᠢ ᠨᠡᠮᠡᠭ᠍ᠳᠡᠭᠦᠯᠳᠡᠭ᠌᠃ ᠭᠡᠪᠠᠴᠤ ᠶᠠᠮᠠᠷ ᠨᠢᠭᠡᠨ ᠠᠮᠳᠠ ᠶᠢᠨ ᠵᠣᠢ᠌ᠯ ᠳᠤ ᠭᠡᠳᠦᠷᠭᠡᠢ ᠰᠢᠨᠤᠵᠤ ᠬᠤᠪᠳᠤᠭᠯᠠᠪᠠᠯ ᠬᠠᠷᠢᠨ ᠳᠤᠳᠤᠷ᠎ᠠ ᠴᠤᠯᠤ᠂ ᠰᠠᠪᠠ ᠡᠷᠭᠡᠳᠡᠨ ᠶᠢᠡᠨ ᠠᠯᠢ ᠨᠢᠭᠡ ᠶᠢ ᠨᠢ ᠭᠡᠮᠳᠦᠭᠡᠭᠦ ᠳᠤ ᠭᠦᠷᠦᠨ᠎ᠡ ᠭᠡᠳᠡᠭ᠌᠃

ᠢᠰᠭᠦᠯᠡᠩ ᠢᠳᠡᠭᠡᠨ ᠢ ᠥᠷᠭᠦᠯᠵᠢ ᠭᠡᠮᠵᠢᠶ᠎ᠡ ᠵᠤᠭᠢᠰ ᠲᠡᠶ ᠡᠳ᠋ᠯᠡᠪᠠᠯ ᠭᠦᠮᠤᠨ ᠤ ᠪᠠᠶ᠎ᠠ ᠶᠢᠨ ᠢᠯᠴᠢ ᠨᠡᠮᠡᠭ᠍ᠳᠡᠨ᠂ ᠢᠳᠡᠭᠡᠨ ᠤ ᠳᠤᠷᠠᠰᠢᠯ ᠰᠠᠢ᠌ᠵᠢᠷᠠᠨ᠎ᠠ ᠭᠡᠳᠡᠭ᠌᠃ ᠢᠰᠭᠦᠯᠡᠩ ᠠᠮᠳᠠ ᠶᠠᠷᠤ ᠬᠤᠳᠤᠭᠤᠳᠤᠨ ᠤ ᠰᠢᠩᠭᠡᠭᠡᠯᠳᠡ ᠶᠢ ᠰᠠᠢ᠌ᠵᠢᠷᠠᠭᠤᠯᠤᠨ ᠪᠠᠶ᠎ᠠ ᠶᠢ ᠭᠦᠩᠭᠡᠷᠡᠭᠦᠯᠦᠨ᠎ᠡ ᠭᠡᠨ᠎ᠡ᠃

ᠢᠰᠭᠦᠯᠡᠩ ᠠᠮᠳᠠ ᠲᠡᠶ ᠵᠣᠢ᠌ᠯ ᠢ ᠭᠡᠳᠦᠷᠭᠡᠢ ᠡᠳ᠋ᠯᠡᠪᠠᠯ ᠴᠢᠭᠢᠷᠠᠭ ᠪᠠᠶ᠎ᠠ ᠰᠤᠯᠠᠷᠠᠨ᠂ ᠨᠢᠳᠤ ᠪᠦᠷᠦᠭᠡᠯᠵᠡᠭᠦ᠂ ᠨᠠᠮᠤᠰᠤ᠂ ᠬᠠᠮᠠᠭᠤ ᠵᠡᠷᠭᠡ ᠡᠪᠡᠳᠴᠢᠨ ᠳᠤ ᠨᠡᠷᠪᠠᠭ᠍ᠳᠡᠵᠤ ᠮᠡᠳᠡᠭᠦ ᠪᠦᠭᠡᠳ ᠶᠠᠷᠤ ᠳᠡᠯᠢᠭᠦᠨ ᠳᠠᠮᠢᠷ ᠳᠤᠷᠣᠢ᠌ᠳᠠᠵᠤ᠂ ᠡᠯᠢᠭᠡᠨ ᠰᠢᠭᠦᠰᠤ ᠠᠷᠪᠢᠳᠤᠨ᠂ ᠣᠷᠤᠭᠤᠯ ᠭᠦᠷᠡᠩᠳᠤᠨ᠂ ᠮᠢᠬ᠎ᠠ ᠰᠢᠭᠤᠷᠠᠨ᠎ᠠ᠃ ᠶᠠᠰᠤ ᠰᠢᠷᠪᠣᠰᠤ ᠭᠡᠮᠳᠦᠭ᠍ᠰᠡᠨ ᠭᠦᠮᠤᠨ ᠢᠰᠭᠦᠯᠡᠩ ᠵᠣᠢ᠌ᠯ ᠢᠳᠡᠭᠦ ᠶᠢ ᠴᠡᠭᠡᠷᠯᠡᠳᠡᠭ᠌ ᠪᠦᠭᠡᠳ ᠢᠰᠭᠦᠯᠡᠩ ᠢ ᠭᠡᠳᠦᠷᠭᠡᠢ ᠰᠢᠨᠤᠨ ᠡᠳ᠋ᠯᠡᠪᠠᠯ ᠢᠳᠡᠭᠡᠨ ᠮᠦᠷ ᠥᠵᠡᠭᠦ ᠪᠠᠷᠭᠡᠳᠦᠨ᠎ᠡ ᠭᠡᠳᠡᠭ᠌᠃

ᠳᠠᠪᠣᠰᠤᠯᠢᠭ ᠠᠮᠳᠠ ᠲᠡᠶ ᠢᠳᠡᠭᠡᠨ ᠰᠤᠳᠠᠯ ᠤᠨ ᠳᠦᠭ᠍ᠵᠢᠷᠡᠯ ᠢ ᠴᠡᠪᠠᠷᠰᠢᠭᠦᠯᠤᠨ ᠨᠡᠭᠡᠭᠡᠭᠦ᠂ ᠴᠤᠭᠯᠠᠷᠠᠭᠰᠠᠨ ᠭᠡᠢ ᠶᠢ ᠳᠠᠷᠬᠠᠭᠠᠬᠤ᠂ ᠢᠳᠡᠭᠡᠨ ᠮᠦᠷ ᠢ ᠰᠢᠯᠤᠭᠤᠤᠠᠬᠠᠬᠤ᠂ ᠪᠠᠶ᠎ᠠ ᠪᠣᠯᠴᠢᠩ ᠭᠦᠰᠢᠵᠤ ᠬᠠᠳᠠᠭᠤᠷᠠᠭᠰᠠᠨ ᠢ ᠵᠥᠭᠡᠯᠡᠷᠡᠭᠦᠯᠭᠦ ᠣᠢ᠌ᠯᠠᠳᠤᠯ ᠲᠡᠶ ᠭᠡᠳᠡᠭ᠌᠃ ᠳᠠᠪᠣᠰᠤ ᠶᠢ ᠬᠠᠯᠠᠭᠤᠤᠠᠬᠠᠵᠤ ᠪᠦᠰ ᠶᠢᠡᠷ ᠪᠠᠭᠯᠠᠨ ᠪᠠᠶ᠎ᠠ ᠳᠤ ᠪᠠᠨ ᠵᠢᠩ ᠳᠠᠯᠪᠢᠪᠠᠯ ᠪᠠᠶ᠎ᠠ ᠶᠢ ᠭᠦᠯᠦᠷᠡᠭᠦᠯᠤᠨ᠂ ᠳᠦᠭ᠍ᠵᠢᠷᠡᠭ᠍ᠰᠡᠨ ᠰᠢᠷ᠎ᠠ ᠦᠰᠦᠨ ᠰᠦᠪᠡ ᠶᠢ ᠨᠡᠭᠡᠭᠡᠵᠤ᠂ ᠮᠠᠭᠤ ᠭᠦᠯᠦᠰᠤ ᠊ᠭ᠍‍ᠬᠢᠷ ᠢ ᠭᠠᠳᠠᠭᠰᠢ ᠴᠠᠪᠠᠷᠯᠠᠨ ᠭᠠᠷᠭᠠᠵᠤ ᠴᠢᠳᠠᠨ᠎ᠠ ᠭᠡᠳᠡᠭ᠌᠃

ᠳᠠᠪᠣᠰᠤᠯᠢᠭ ᠢᠳᠡᠭᠡᠨ ᠣᠮᠳᠠᠭᠠᠨ ᠢ ᠭᠡᠳᠦᠷᠭᠡᠢ ᠡᠳ᠋ᠯᠡᠪᠠᠯ ᠴᠢᠰᠤᠨ ᠳᠤ ᠮᠠᠭᠤ ᠭᠡᠳᠡᠭ᠌᠃ ᠡᠢ᠌ᠮᠤ ᠡᠴᠡ ᠳᠠᠪᠣᠰᠤ ᠭᠡᠳᠦᠷᠡᠳᠡᠯ᠎ᠡ ᠡᠳ᠋ᠯᠡᠭ᠍ᠰᠡᠨ ᠭᠦᠮᠤᠨ ᠵᠢᠷᠦᠭᠡᠨ ᠳᠠᠮᠢᠷ ᠳᠤᠷᠣᠢ᠌ᠳᠠᠨ᠂ ᠶᠠᠰᠤᠨ ᠳ᠋ᠠᠭᠢ ᠰᠢᠮ᠎ᠠ ᠳᠤᠳᠠᠭᠳᠠᠵᠤ᠂ ᠰᠤᠳᠠᠯ ᠬᠠᠳᠠᠭᠤᠷᠠᠨ᠂ ᠥᠩᠭᠡ ᠵᠢᠰᠤ ᠪᠠᠭᠤᠷᠠᠨ᠂ ᠴᠤᠭ ᠵᠢᠪᠬᠤᠭ᠎ᠠ ᠰᠤᠯᠠᠷᠠᠨ᠎ᠠ ᠭᠡᠳᠡᠭ᠌᠃ ᠳᠠᠪᠣᠰᠤ ᠭᠡᠳᠦᠷᠡᠳᠡᠯ᠎ᠡ ᠢᠳᠠᠪᠠᠯ ᠬᠤᠭᠤᠯᠠᠢ ᠬᠠᠳᠠᠨ ᠣᠮᠳᠠᠭᠠᠰᠴᠤ ᠡᠭᠦᠨ ᠤ ᠣᠯᠠᠮ ᠡᠴᠡ ᠬᠤᠳᠤᠭᠤᠳᠤ ᠶᠢᠨ ᠳᠠᠮᠢᠷ ᠴᠤ ᠳᠤᠷᠣᠢ᠌ᠳᠠᠨ᠎ᠠ ᠭᠡᠳᠡᠭ᠌᠃ ᠡᠭᠦᠨ ᠡᠴᠡ ᠦᠰᠦ ᠴᠠᠢ᠌ᠵᠤ ᠨᠢᠭᠤᠷ ᠴᠢᠷᠠᠢ ᠠᠳᠤᠷᠢᠶ᠎ᠠ ᠣᠷᠤᠵᠤ ᠡᠷᠳᠡ ᠦᠳᠡᠯᠤᠨ᠎ᠠ ᠭᠡᠳᠡᠭ᠌᠃

ᠭᠠᠰᠢᠭᠤᠨ ᠠᠮᠳᠠ ᠲᠡᠶ ᠢᠳᠡᠭᠡᠨ ᠨᠢ ᠭᠦᠮᠤᠨ ᠤ ᠰᠡᠳᠭᠢᠯ ᠢ ᠠᠮᠤᠷᠵᠢᠭᠤᠯᠵᠤ᠂ ᠪᠢᠯᠢᠭ᠌ ᠢ ᠨᠡᠭᠡᠭᠡᠭᠦ ᠳᠤ ᠰᠠᠢ᠌ᠨ ᠪᠠᠢ᠌ᠳᠠᠭ᠃ ᠳᠡᠭᠦᠡᠴᠢᠯᠡᠨ ᠬᠤᠭᠤᠯᠠᠢ ᠰᠥᠭᠡᠭᠦ᠂ ᠭᠦᠭᠡᠮᠡᠢ ᠡᠪᠠᠦᠡᠭᠦ᠂ ᠭᠦᠭᠦ ᠡᠪᠠᠦᠡᠭᠦ᠂ ᠣᠮᠳᠠᠭᠠᠰᠬᠤ᠂ ᠳᠤᠷ᠎ᠠ ᠪᠣᠯᠭᠢᠨ ᠪᠦᠭᠡᠯᠵᠢᠰᠤ ᠭᠦᠷᠭᠦ᠂ ᠮᠠᠨᠠᠷᠠᠬᠤ ᠵᠡᠷᠭᠡ ᠡᠪᠡᠳᠴᠢᠨ ᠢ ᠠᠨᠠᠭᠠᠬᠤ ᠳᠤ ᠳᠤᠰᠠ ᠲᠡᠶ ᠭᠡᠳᠡᠭ᠌᠃ ᠭᠠᠰᠢᠭᠤᠨ ᠠᠮᠳᠠ ᠲᠡᠶ ᠢᠳᠡᠭᠡᠨ ᠶᠠᠷᠤ ᠢᠳᠡᠭᠡᠨ ᠰᠢᠩᠭᠡᠨ ᠮᠦᠷ ᠢ ᠰᠢᠯᠤᠭᠤᠤᠠᠬᠠᠨ ᠪᠠᠶ᠎ᠠ ᠶᠢ ᠭᠦᠩᠭᠡᠷᠡᠭᠦᠯᠭᠦ ᠳᠤ ᠰᠠᠢ᠌ᠨ ᠭᠡᠳᠡᠭ᠌᠃

ᠭᠠᠰᠢᠭᠤᠨ ᠠᠮᠳᠠ ᠲᠡᠶ ᠢᠳᠡᠭᠡᠨ ᠣᠮᠳᠠᠭᠠᠨ ᠢ ᠭᠡᠳᠦᠷᠭᠡᠢ ᠡᠳ᠋ᠯᠡᠪᠠᠯ ᠳᠡᠯᠢᠭᠦᠨ ᠰᠢᠮ᠎ᠠ ᠳᠤᠷᠣᠢ᠌ᠳᠠᠨ᠂ ᠠᠷᠠᠰᠤ ᠮᠢᠬ᠎ᠠ ᠬᠠᠳᠠᠩᠭᠢᠷᠠᠵᠤ᠂ ᠭᠡᠵᠢᠭᠡ ᠦᠰᠦ ᠣᠨᠠᠨ᠎ᠠ ᠭᠡᠳᠡᠭ᠌᠃

ᠭᠠᠰᠢᠭᠤᠨ ᠠᠮᠳᠠ ᠲᠡᠶ ᠢᠳᠡᠭᠡᠨ ᠭᠡᠳᠦᠷᠡᠪᠠᠯ ᠭᠦᠮᠤᠨ ᠤ ᠳᠤᠳᠤᠷ᠎ᠠ ᠳᠠᠮᠢᠷ ᠪᠠᠷᠠᠭᠳᠠᠨ ᠭᠦᠴᠤ ᠳᠡᠩᠭᠡᠭᠡ ᠰᠤᠯᠠᠷᠠᠨ᠂ ᠭᠡᠢ ᠡᠪᠡᠳᠴᠢᠨ ᠡᠭᠦᠰᠦᠨ᠎ᠡ᠃ ᠠᠭᠤᠰᠭᠢᠨ ᠡᠪᠡᠳᠴᠢᠨ ᠲᠡᠶ ᠭᠦᠮᠤᠨ᠂ ᠶᠠᠰᠤ ᠰᠤᠯᠠ ᠭᠦᠮᠤᠨ ᠭᠠᠰᠢᠭᠤᠨ ᠠᠮᠳᠠ ᠶᠢ ᠴᠡᠭᠡᠷᠯᠡᠪᠠᠯ ᠵᠤᠭᠢᠨ᠎ᠠ᠃

ᠭᠤᠱᠤᠭᠤᠨ ᠠᠮᠳᠠ ᠲᠡᠶ ᠢᠳᠡᠭᠡᠨ ᠨᠢ ᠳᠦᠭ᠍ᠵᠢᠷᠡᠭ᠍ᠰᠡᠨ ᠰᠤᠳᠠᠯ ᠢ ᠨᠡᠭᠡᠭᠡᠵᠤ ᠢᠳᠡᠭᠡᠨ ᠰᠢᠩᠭᠡᠨ ᠮᠦᠷ ᠢ ᠰᠢᠯᠤᠭᠤᠤᠠᠬᠠᠬᠤ ᠳᠤ ᠳᠤᠰᠠ ᠲᠡᠶ᠃ ᠭᠦᠭᠡᠮᠡᠢ ᠶᠢᠨ ᠡᠪᠡᠳᠴᠢᠨ ᠢ ᠠᠨᠠᠭᠠᠬᠤ᠂ ᠬᠠᠪᠣᠳᠠᠷ ᠢ ᠬᠠᠷᠢᠭᠤᠯᠬᠤ᠂ ᠪᠠᠷᠳᠡᠭ᠍ᠰᠡᠨ ᠶᠠᠰᠤ ᠶᠢ ᠵᠠᠯᠭᠠᠭᠤᠯᠤᠬᠤ ᠳᠤ ᠰᠠᠢ᠌ᠨ ᠪᠦᠭᠡᠳ ᠬᠤᠳᠤᠭᠤᠳᠤᠨ ᠤ ᠢᠯᠴᠢ ᠶᠢ ᠨᠡᠮᠡᠭ᠍ᠳᠡᠭᠦᠯᠤᠨ ᠰᠢᠩᠭᠡᠭᠡᠯᠳᠡ ᠳᠤ ᠳᠤᠰᠠᠳᠠᠢ᠂ ᠰᠢᠷᠬ᠎ᠠ ᠠᠨᠠᠭᠠᠬᠤ ᠳᠤ ᠴᠤ ᠳᠤᠰᠠᠯᠠᠨ᠎ᠠ ᠭᠡᠳᠡᠭ᠌᠃

ᠭᠤᠱᠤᠭᠤᠨ ᠠᠮᠳᠠ ᠲᠡᠶ ᠢᠳᠡᠭᠡᠨ ᠣᠮᠳᠠᠭᠠᠨ ᠭᠡᠳᠦᠷᠭᠡᠢ ᠡᠳ᠋ᠯᠡᠪᠠᠯ ᠭᠡᠢ ᠪᠣᠰᠴᠤ ᠠᠭᠤᠰᠭᠢ᠂ ᠡᠯᠢᠭᠡ ᠶᠢ ᠭᠡᠮᠳᠦᠭᠡᠭᠦ ᠪᠦᠭᠡᠳ ᠠᠷᠠᠰᠤ ᠰᠤᠯᠠᠷᠠᠨ᠂ ᠳᠤᠳᠤᠷ᠎ᠠ ᠳᠠᠮᠢᠷ ᠮᠠᠭᠤᠳᠠᠨ᠎ᠠ᠃

ᠭᠤᠱᠤᠭᠤᠨ ᠢᠳᠡᠭᠡᠨ ᠭᠡᠳᠦᠷᠡᠪᠠᠯ ᠳᠤᠷᠠᠬᠤ᠂ ᠣᠬᠠᠭ᠎ᠠ ᠮᠤᠩᠬᠠᠷᠠᠬᠤ᠂ ᠳᠤᠰᠤᠯ ᠪᠠᠭᠠᠰᠬᠤ᠂ ᠪᠠᠶ᠎ᠠ ᠠᠳᠤᠷᠢᠬᠤ᠂ ᠴᠡᠴᠡᠷᠡᠭᠦ᠂ ᠨᠢᠷᠤᠭᠤ ᠪᠠᠯᠭᠡᠭᠦᠰᠤ ᠡᠪᠠᠦᠡᠭᠦ ᠮᠠᠳᠤ ᠶᠢᠨ ᠡᠪᠡᠳᠴᠢᠨ ᠳᠤ ᠭᠢᠯᠪᠠᠷᠬᠠᠨ ᠨᠡᠷᠪᠠᠭ᠍ᠳᠡᠨ᠎ᠡ ᠭᠡᠳᠡᠭ᠌᠃

ᠠᠮᠳᠠᠯᠢᠭ ᠢᠳᠡᠭᠡᠨ ᠣᠮᠳᠠᠭᠠᠨ ᠢ ᠭᠡᠮᠵᠢᠶ᠎ᠡ ᠲᠡᠶ ᠡᠳ᠋ᠯᠡᠪᠠᠯ ᠪᠠᠶ᠎ᠠ ᠮᠠᠬᠠᠪᠣᠤᠨ ᠲᠤ ᠳᠠᠭᠠᠯᠠᠮᠵᠢᠳᠠᠢ ᠪᠠᠢ᠌ᠳᠠᠭ᠃ ᠪᠠᠶ᠎ᠠ ᠴᠤᠭᠴᠠ ᠳᠤ ᠰᠢᠮ᠎ᠠ ᠰᠢᠭᠦᠰᠤ ᠬᠠᠩᠭ᠋ᠠᠨ᠂ ᠳᠤᠳᠤᠷ ᠳᠠᠮᠢᠷ ᠢ ᠳᠡᠵᠢᠭᠡᠨ᠎ᠡ᠃ ᠢᠯᠠᠩᠭ᠋ᠤᠶ᠎ᠠ ᠥᠳᠡᠭᠦᠰ᠂ ᠨᠢᠯᠬᠠᠰ ᠲᠤ ᠳᠤᠭᠢᠷᠠᠮᠵᠢᠳᠠᠢ ᠪᠠᠢ᠌ᠵᠤ ᠪᠠᠶ᠎ᠠ ᠶᠢ ᠰᠢᠮᠡᠵᠢᠭᠦᠯᠤᠨ ᠳᠦᠯᠦᠵᠢᠭᠦᠯᠵᠤ᠂ ᠰᠢᠷᠬ᠎ᠠ ᠶᠢ ᠠᠨᠠᠭᠠᠨ ᠪᠠᠷᠳᠡᠭ᠍ᠰᠡᠨ ᠶᠠᠰᠤ ᠶᠢ ᠵᠠᠯᠭᠠᠭᠤᠯᠬᠤ ᠳᠤ ᠳᠤᠰᠠ ᠲᠡᠶ ᠪᠦᠭᠡ ᠬᠤᠭᠤᠯᠠᠢ ᠰᠥᠭᠡᠭᠦ ᠶᠢ ᠡᠳᠡᠭᠡᠭᠡᠨ᠂ ᠭᠦᠮᠤᠨ ᠤ ᠰᠦᠷ ᠵᠢᠪᠬᠤᠭ᠎ᠠ ᠶᠢ ᠰᠠᠢ᠌ᠵᠢᠷᠭᠤᠯᠤᠨ ᠨᠢᠳᠤ ᠶᠢ ᠭᠡᠷᠡᠯᠳᠦᠭᠦᠯᠦᠨ᠎ᠡ᠃ ᠠᠮᠳᠠᠯᠢᠭ ᠢᠳᠡᠭᠡᠨ ᠭᠦᠭᠦᠭᠦᠯ ᠪᠦᠰᠡᠭᠦᠢ ᠶᠢᠨ ᠭᠦᠭᠦᠨ ᠰᠦ᠋ ᠶᠢ ᠨᠡᠮᠡᠭ᠍ᠳᠡᠭᠦᠯᠭᠦ ᠪᠦᠭᠡᠳ ᠭᠡᠵᠢᠭᠡ ᠦᠰᠦ ᠶᠢ ᠥᠩᠭᠡᠵᠢᠭᠦᠯᠦᠨ᠎ᠡ ᠭᠡᠳᠡᠭ᠌᠃

ᠠᠮᠳᠠᠯᠢᠭ ᠢᠳᠡᠭᠡᠨ ᠣᠮᠳᠠᠭᠠᠨ ᠭᠡᠳᠦᠷᠭᠡᠢ ᠡᠳ᠋ᠯᠡᠪᠠᠯ ᠳᠤᠳᠤᠷ᠎ᠠ ᠪᠦᠭᠡᠷ᠎ᠡ ᠶᠢᠨ ᠳᠠᠮᠢᠷ ᠳᠤᠷᠣᠢ᠌ᠳᠠᠵᠤ᠂ ᠠᠷᠠᠰᠤ ᠮᠢᠬ᠎ᠠ ᠰᠤᠯᠠᠷᠠᠨ᠂ ᠬᠤᠳᠤᠭᠤᠳᠤᠨ ᠳᠠᠮᠢᠷ ᠮᠠᠭᠤᠳᠠᠵᠤ᠂ ᠭᠦᠮᠤᠨ ᠤ ᠵᠢᠰᠤ ᠴᠢᠷᠠᠢ ᠬᠠᠷᠠᠯᠠᠨ ᠭᠡᠵᠢᠭᠡ ᠦᠰᠦ ᠭᠠᠯᠵᠠᠷᠠᠨ ᠣᠨᠠᠬᠤ ᠪᠦᠭᠡᠳ ᠳᠤᠳᠤᠷ᠎ᠠ ᠭᠡᠢ ᠳᠦᠭᠦᠷᠴᠤ ᠪᠠᠴᠢᠮᠳᠠᠨ᠂ ᠰᠡᠳᠭᠢᠯ ᠭᠢᠯᠪᠠᠷᠬᠠᠨ ᠣᠢ᠌ᠮᠤᠷᠠᠨ᠎ᠠ ᠭᠡᠳᠡᠭ᠌᠃ ᠳᠤᠳᠤᠷ᠎ᠠ ᠪᠦᠭᠡᠷ᠎ᠡ ᠶᠢᠨ ᠳᠠᠮᠢᠷ ᠠᠨᠠᠢ ᠭᠦᠮᠤᠨ ᠠᠮᠳᠠᠯᠢᠭ ᠢᠳᠡᠭᠡᠨ ᠣᠮᠳᠠᠭᠠᠨ ᠢ ᠵᠤᠭᠢᠰᠳᠠᠢ ᠡᠳ᠋ᠯᠡᠪᠠᠯ ᠵᠤᠭᠢᠨ᠎ᠠ᠃

ᠠᠮᠳᠠᠯᠢᠭ ᠢᠳᠡᠭᠡᠨ ᠭᠡᠳᠦᠷᠡᠪᠠᠯ ᠬᠤᠳᠤᠭᠤᠳᠤᠨ ᠢᠯᠴᠢ ᠪᠠᠭᠤᠷᠠᠬᠤ᠂ ᠮᠠᠷᠢᠶᠠᠯᠠᠬᠤ᠂ ᠪᠠᠶ᠎ᠠ ᠳᠤ ᠶᠠᠷ᠎ᠠ ᠰᠢᠷᠬ᠎ᠠ ᠭᠠᠷᠬᠤ ᠪᠣᠶᠤ ᠰᠢᠭᠢᠷ ᠰᠢᠵᠢᠩ ᠡᠪᠡᠳᠴᠢᠨ ᠳᠤ ᠭᠢᠯᠪᠠᠷᠬᠠᠨ ᠨᠡᠷᠪᠠᠭ᠍ᠳᠡᠵᠤ ᠮᠠᠳᠠᠨ᠎ᠠ ᠭᠡᠳᠡᠭ᠌᠃

ᠡᠭᠡᠭᠦᠨ ᠠᠮᠳᠠ ᠲᠡᠶ ᠢᠳᠡᠭᠡᠨ ᠣᠮᠳᠠᠭᠠᠨ ᠤ ᠵᠣᠢ᠌ᠯ ᠢ ᠡᠳ᠋ᠯᠡᠪᠠᠯ ᠠᠷᠠᠰᠤᠨ ᠤ ᠥᠩᠭᠡ ᠶᠢ ᠰᠠᠢ᠌ᠵᠢᠷᠠᠭᠤᠯᠬᠤ᠂ ᠨᠢᠭᠤᠷ ᠴᠢᠷᠠᠢ ᠥᠩᠭᠡᠰᠢᠭᠦ ᠳᠠᠷᠠᠴᠢᠯᠠᠨ ᠮᠠᠷᠢᠶ᠎ᠠ ᠰᠢᠭᠤᠷᠠᠭᠤᠯᠬᠤ ᠳᠤ ᠳᠤᠰᠠ ᠲᠡᠶ ᠭᠡᠳᠡᠭ᠌᠃ ᠡᠭᠡᠭᠦᠨ ᠠᠮᠳᠠ ᠲᠡᠶ ᠢᠳᠡᠭᠡᠨ ᠪᠠᠰᠠ ᠰᠢᠷᠬ᠎ᠠ ᠶᠢ ᠠᠨᠠᠭᠠᠬᠤ᠂ ᠢᠳᠡᠭᠡᠯᠡᠭ᠍ᠰᠡᠨ ᠢ ᠠᠨᠠᠭᠠᠨ᠂ ᠰᠢᠷ᠎ᠠ ᠣᠰᠤ᠂ ᠴᠢᠰᠤ ᠶᠢ ᠳᠡᠭ᠍ᠰᠢᠯᠡᠭᠦ᠂ ᠠᠷᠠᠰᠤ ᠮᠢᠬ᠎ᠠ ᠶᠢ ᠵᠥᠭᠡᠯᠡᠷᠡᠭᠦᠯᠭᠦ ᠣᠢ᠌ᠯᠠᠳᠤᠯ ᠲᠡᠶ ᠭᠡᠳᠡᠭ᠌᠃

ᠡᠭᠡᠭᠦᠨ ᠠᠮᠳᠠ ᠲᠡᠶ ᠢᠳᠡᠭᠡᠨ ᠢ ᠭᠡᠳᠦᠷᠭᠡᠢ ᠢᠳᠠᠪᠠᠯ ᠭᠡᠪᠠᠯᠢ ᠭᠦᠭᠡᠭᠡᠭᠦ᠂ ᠰᠤᠳᠠᠯ ᠳᠦᠭ᠍ᠵᠢᠷᠡᠨ ᠬᠠᠭᠠᠭᠳᠠᠬᠤ᠂ ᠢᠳᠡᠭᠡᠨ ᠰᠢᠩᠭᠡᠨ ᠮᠦᠷ ᠬᠠᠭᠠᠭᠳᠠᠬᠤ᠂ ᠮᠢᠬ᠎ᠠ ᠬᠠᠳᠠᠩᠭᠢᠷᠠᠬᠤ᠂ ᠳᠡᠭᠦᠡᠴᠢᠯᠡᠨ ᠵᠢᠷᠦᠭᠡᠨ ᠡᠪᠡᠳᠴᠢᠨ ᠢ ᠡᠭᠦᠰᠭᠡᠵᠤ ᠮᠠᠳᠠᠨ᠎ᠠ ᠭᠡᠳᠡᠭ᠌᠃ ᠡᠢ᠌ᠮᠤ ᠡᠴᠡ ᠪᠠᠶ᠎ᠠ ᠶᠢᠨ ᠪᠠᠢ᠌ᠳᠠᠯ ᠳᠤ ᠪᠠᠨ ᠵᠤᠭᠢᠴᠠᠭᠤᠯᠤᠨ ᠭᠡᠮ ᠭᠡᠮᠵᠢᠶ᠎ᠡ ᠲᠡᠶ ᠡᠳ᠋ᠯᠡᠭᠦ ᠮᠠᠰᠢ ᠴᠢᠬᠤᠯᠠ᠂ ᠶᠠᠮᠠᠷ ᠨᠢᠭᠡᠨ ᠠᠮᠳᠠ ᠳᠤ ᠭᠡᠳᠦᠷᠭᠡᠢ ᠬᠤᠪᠳᠤᠭᠯᠠᠨ ᠰᠢᠨᠤᠵᠤ ᠡᠳ᠋ᠯᠡᠭᠦ ᠶᠢ ᠴᠡᠭᠡᠷᠯᠡᠭᠦ ᠭᠡᠷᠡᠭ᠍ᠳᠡᠢ ᠪᠠᠢ᠌ᠳᠠᠭ᠃


《ᠮᠤᠩᠭ᠋ᠤᠯᠴᠤᠳ ᠤᠨ ᠡᠷᠡᠭᠦᠯ ᠠᠮᠢᠳᠤᠷᠠᠬᠤᠢ ᠣᠯᠠᠮᠵᠢᠯᠠᠯᠳᠤ ᠰᠤᠶᠤᠯ》 ᠨᠤᠮ ᠡᠴᠡ ᠱᠥᠭᠦᠪᠡ᠃

ᠬᠠᠷᠢᠶ᠎ᠠ᠄ ᠵᠠᠩ ᠤᠢ᠌ᠯᠠ
ᠳᠠᠷᠤᠮ᠄ 7459
ᠴᠠᠭ᠄ 2009 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ