☆ ᠠᠶᠠᠠᠴᠢᠨ ᠪᠠᠭᠠᠨ᠎ᠠ
ᠭᠦᠷᠢᠶ᠎ᠡ ᠨᠤᠳᠤᠭ
ᠠᠴᠢᠮᠠᠭ ᠠᠭᠤᠯᠠᠨ ᠤ ᠭᠢᠨᠢ ᠡᠩᠭᠡᠷ ᠲᠤ ᠨᠢ
ᠠᠠᠳᠠᠢ ᠪᠦᠵᠢᠭ᠌ ᠤᠨ ᠴᠤᠭᠯᠠᠭᠠᠨ ᠳᠠᠢ
ᠠᠢ᠌ᠯ ᠠᠢ᠌ᠮᠠᠭ ᠤᠨ ᠭᠦᠮᠦᠰ ᠨᠢ
ᠠᠶ᠎ᠠ ᠳᠠᠭᠤᠨ ᠳᠠᠭᠠᠨ ᠪᠠᠬ᠎ᠠ ᠳᠠᠢ
ᠭᠦᠷᠢᠶ᠎ᠡ ᠨᠤᠳᠤᠭ ᠰᠠᠢ᠌ᠬᠠᠨ
ᠭᠦᠮᠤᠨ ᠠᠷᠠᠤᠨ ᠨᠢ ᠴᠠᠢ᠌ᠯᠭᠠᠨ
ᠭᠦᠷᠢᠶ᠎ᠡ ᠨᠤᠳᠤᠭ ᠰᠠᠢ᠌ᠬᠠᠨ
ᠭᠦᠮᠦᠰ ᠪᠢᠳᠠᠨ ᠤ ᠣᠮᠤᠭᠰᠢᠯ
ᠭᠦᠷᠢᠶ᠎ᠡ ᠨᠤᠳᠤᠭ ᠤᠨ ᠰᠠᠭᠠᠭ ᠨᠢ
ᠭᠦᠮᠤᠨ ᠠᠷᠠᠤᠨ ᠤᠨ ᠶᠢᠠᠨ ᠳᠡᠵᠢᠭᠡᠯ ᠶᠤᠮ
ᠭᠦᠷᠰᠢ ᠵᠡᠷᠭᠡᠯᠳᠡᠭᠡ ᠠᠢ᠌ᠯ ᠤᠨ ᠭᠢᠨ
ᠭᠦᠳᠡᠯᠮᠦᠷᠢᠴᠢ ᠠᠵᠢᠯᠴᠢ ᠣᠯᠤᠰ ᠶᠤᠮ
ᠭᠦᠷᠢᠶ᠎ᠡ ᠨᠤᠳᠤᠭ ᠰᠠᠢ᠌ᠬᠠᠨ
ᠭᠦᠮᠤᠨ ᠠᠷᠠᠤᠨ ᠨᠢ ᠴᠠᠢ᠌ᠯᠭᠠᠨ
ᠭᠦᠷᠢᠶ᠎ᠡ ᠨᠤᠳᠤᠭ ᠰᠠᠢ᠌ᠬᠠᠨ
ᠭᠦᠮᠦᠰ ᠪᠢᠳᠠᠨ ᠤ ᠣᠮᠤᠭᠰᠢᠯ
ᠭᠦᠡᠳᠡᠢ ᠭᠤᠤ ᠵᠢᠯᠠᠭ᠎ᠠ ᠨᠢ
ᠭᠦᠭᠡ ᠨᠠᠷᠠᠰᠤ ᠪᠠᠷ ᠵᠠᠯᠭᠠᠯᠳᠤᠭᠰᠠᠨ
ᠭᠦᠷᠢᠶ᠎ᠡ ᠰᠠᠢ᠌ᠬᠠᠨ ᠨᠤᠳᠤᠭ ᠨᠢ
ᠭᠦᠪᠴᠢᠨ ᠳᠡᠯᠡᠭᠡᠢ ᠳᠤ ᠨᠠᠷᠠᠳᠠᠢ
ᠭᠦᠷᠢᠶ᠎ᠡ ᠨᠤᠳᠤᠭ ᠰᠠᠢ᠌ᠬᠠᠨ
ᠭᠦᠮᠤᠨ ᠠᠷᠠᠤᠨ ᠨᠢ ᠴᠠᠢ᠌ᠯᠭᠠᠨ
ᠭᠦᠷᠢᠶ᠎ᠡ ᠨᠤᠳᠤᠭ ᠰᠠᠢ᠌ᠬᠠᠨ
ᠭᠦᠮᠦᠰ ᠪᠢᠳᠠᠨ ᠤ ᠣᠮᠤᠭᠰᠢᠯ
ᠵᠤᠬᠢᠶᠠᠭᠴᠢ᠄ ᠠᠶᠠᠠᠴᠢᠨ ᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2663
ᠴᠠᠭ᠄ 2009 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ