ᠨᠡᠪᠲᠡᠷᠡᠨ ᠤᠷᠤᠬᠤ
ᠪᠣᠷᠤᠭᠠᠨ ᠣᠷᠤᠭᠠᠰᠠᠢ

ᠪᠣᠷᠤᠭᠠᠨ ᠣᠷᠤᠭᠠᠰᠠᠢ︕

ᠪᠣᠳᠤᠯ ᠰᠡᠳᠭᠢᠯ ᠤᠨ ᠮᠢᠨᠢ ᠭᠠᠩᠳᠠᠯ ᠢ᠂

ᠪᠣᠷᠤᠬᠠᠨ ᠮᠤᠩᠭ᠋ᠤᠯ ᠨᠤᠳᠤᠭ ᠤᠨ ᠮᠢᠨᠢ

ᠭᠠᠩᠳᠠᠯ ᠢ ᠳᠠᠢ᠌ᠯᠠᠭᠠᠰᠠᠢ᠃

ᠪᠣᠷᠤᠭᠠᠨ ᠣᠷᠤᠭᠠᠰᠠᠢ᠂

ᠭᠦᠯᠢᠶᠡᠭ᠍ᠰᠡᠨ ᠰᠡᠳᠭᠢᠯ ᠢ ᠮᠢᠨᠢ ᠨᠠᠪᠳᠠᠷᠠᠳᠠᠯ᠎ᠠ᠂

ᠭᠦᠳᠡᠭᠡ ᠶᠢᠨ ᠪᠠᠯᠴᠢᠭᠡᠷ ᠢ ᠰᠡᠷᠭᠦᠳᠡᠯ᠎ᠡ

ᠭᠦᠷᠦᠰᠦᠳᠤ ᠭᠠᠵᠠᠷ ᠢ ᠬᠠᠨᠤᠳᠠᠯ᠎ᠠ᠂

ᠪᠣᠷᠤᠭᠠᠨ᠂ ᠪᠣᠷᠤᠭᠠᠨ ᠣᠷᠤᠭᠠᠰᠠᠢ᠂

ᠳᠠᠩᠳᠠᠨ ᠪᠣᠷᠤᠭᠠᠨ ᠣᠷᠤᠭᠠᠰᠠᠢ ︕

ᠳᠠᠩᠴᠤ ᠭᠠᠩᠳᠠᠭᠰᠠᠨ

ᠳᠠᠯ᠎ᠠ ᠶᠢ ᠰᠡᠷᠭᠦᠭᠡᠵᠤ᠂

ᠳᠠᠩᠳᠠᠨ ᠬᠤᠷᠢᠭᠳᠠᠵᠤ ᠪᠠᠢ᠌ᠭ᠎ᠠ

ᠮᠠᠯ ᠢ ᠮᠢᠨᠢ 《ᠴᠢᠯᠦᠭᠡᠯᠡᠵᠤ》᠂

ᠳᠠᠭᠠᠭᠠᠴᠠ ᠲᠡᠶ ᠪᠣᠷᠤᠭᠠᠨ ᠣᠷᠤᠭᠠᠰᠠᠢ᠃

ᠪᠣᠷᠤᠭᠠᠨ ᠣᠷᠤᠭᠠᠰᠠᠢ︕

ᠳᠡᠭᠡᠷ᠎ᠡ ᠳᠤᠤᠷ᠎ᠠ ᠣᠰᠤ ᠶᠢ ᠨᠠᠢ᠌ᠯᠠᠳᠠᠯ᠎ᠠ᠂

ᠳᠡᠷᠭᠡᠳᠡᠭᠦ ᠪᠦᠭᠦᠨ ᠢ ᠨᠠᠪᠳᠠᠷᠠᠳᠠᠯ᠎ᠠ᠂

ᠳᠦᠷᠦᠭᠡ ᠰᠢᠭᠦᠷᠡᠮ᠎ᠡ ᠡᠪᠠᠰᠤ ᠣᠷᠭᠤᠳᠠᠯ᠎ᠠ

ᠪᠣᠷᠤᠭᠠᠨ᠂ ᠪᠣᠷᠤᠭᠠᠨ ᠣᠷᠤᠭᠠᠰᠠᠢ︕


ᠵᠤᠬᠢᠶᠠᠭᠴᠢ ᠶᠢᠨ ᠬᠠᠶ‍ᠢᠭ ᠄ ᠪᠠᠷᠠᠭᠤᠨ ᠦᠵᠦᠮᠤᠴᠢᠨ

ᠵᠤᠬᠢᠶᠠᠭᠴᠢ᠄ ᠪᠠᠶᠠᠠᠴᠠᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ