ᠨᠡᠪᠲᠡᠷᠡᠨ ᠤᠷᠤᠬᠤ
ᠬᠤᠷᠢᠨ ᠨᠠᠰᠤᠨ ᠤ ᠨᠠᠮᠤᠷ

ᠬᠤᠷᠢᠨ ᠨᠠᠰᠤᠨ ᠤ ᠨᠠᠮᠤᠷ

ᠦᠬᠢᠳ ᠦᠬᠢᠳ ᠤᠨ ᠳᠤᠮᠳᠠ

ᠦᠷᠭᠦᠯᠵᠢ ᠰᠡᠳᠭᠢᠯ ᠢ ᠭᠡᠵᠢᠭᠡᠳᠡᠳᠡᠭ᠌

ᠥᠯᠢᠭᠡᠷ ᠤᠨ ᠶᠤᠮᠰᠢᠭ ᠳᠤᠷᠠᠯᠠᠯ ᠳᠠᠢ

ᠦᠶ᠎ᠡ ᠶᠢᠨ ᠭᠦᠭᠡᠷᠦᠭᠦᠨ ᠴᠢ ᠮᠢᠨᠢ


ᠨᠠᠮᠤᠷ ᠨᠠᠮᠤᠷ ᠤᠨ ᠳᠤᠮᠳᠠ

ᠬᠤᠷᠢᠨ ᠨᠠᠰᠤᠨ ᠤ ᠨᠠᠮᠤᠷ

ᠨᠠᠮᠤᠭᠤᠬᠠᠨ ᠳᠤᠭᠣᠢ᠌ᠷᠠᠭᠰᠠᠨ ᠭᠡᠦᠭᠡᠨ ᠳ᠋ᠤ

ᠬᠤᠷᠭᠤᠳᠠᠵᠤ ᠶᠠᠪᠣᠭᠰᠠᠨ ᠳᠤᠷᠠᠳᠬᠠᠯ ᠲᠡᠶ᠃


ᠬᠤᠷᠢᠳᠠᠢ ᠵᠢᠯ ᠤᠨ ᠨᠠᠮᠤᠷ ᠰᠠᠢ᠌ᠬᠠᠨ ᠪᠠᠢ᠌ᠭᠰᠠᠨ ᠶᠤᠮᠰᠠᠨ

ᠬᠤᠶᠠᠷ ᠰᠡᠳᠭᠢᠯ ᠠᠭᠤᠰᠤᠭᠰᠠᠨ ᠪᠢᠳᠠᠨ ᠬᠤᠶᠠᠷ ᠤᠨ ᠭᠢ ᠪᠠᠢ᠌ᠭᠰᠠᠨ

ᠬᠤᠶᠠᠷ ᠲᠤᠢ᠌ᠯ ᠲᠡᠶ ᠪᠦᠮᠪᠦᠷᠴᠡᠭ᠌ ᠬᠠᠷᠢᠯᠴᠠᠨ ᠳᠠᠳᠠᠯᠴᠠᠵᠤ ᠤᠢ᠌ᠷᠠᠳᠤᠭᠰᠠᠨ ᠶᠤᠮ

ᠬᠤᠷᠸ᠎ᠠ ᠶᠢᠨ ᠵᠢᠷᠭᠠᠯ ᠲᠡᠶ ᠨᠠᠰᠤ ᠳᠤᠷᠠᠳᠬᠠᠯ ᠪᠣᠯᠤᠨ ᠥᠯᠡᠳᠡᠭ᠍ᠰᠡᠨ ᠶᠤᠮ


ᠬᠤᠷᠢᠳᠠᠢ ᠵᠢᠯ ᠤᠨ ᠨᠠᠮᠤᠷ ᠰᠠᠢ᠌ᠬᠠᠨ ᠪᠠᠢ᠌ᠭᠰᠠᠨ ᠶᠤᠮᠰᠠᠨ ︕

ᠳᠠᠭᠤᠨ ᠳᠤ ᠪᠠᠨ ᠵᠠᠩᠭᠢᠷᠠᠭᠰᠠᠨ ᠳᠤᠷᠠᠰᠤᠯ ᠳᠠᠢ

ᠳᠤᠷᠠᠯᠠᠵᠤ ᠬᠠᠢ᠌ᠷᠠᠯᠠᠭᠰᠠᠨ ᠭᠡᠦᠭᠡᠨ ᠳᠠᠢ

ᠨᠠᠰᠤᠨ ᠪᠠᠭ᠎ᠠ ᠶᠢᠨ ᠳᠤᠷᠠᠰᠤᠮᠵᠢ ᠲᠡᠶ

ᠨᠠᠷᠭᠢᠵᠤ ᠥᠩᠭᠡᠷᠡᠭ᠍ᠰᠡᠨ ᠥᠯᠢᠭᠡᠷ ᠳᠠᠢ

ᠰᠠᠢ᠌ᠬᠠᠨ ᠪᠦᠭᠦᠨ ᠭᠡᠵᠤ

ᠨᠠᠰᠤᠨ ᠤ ᠰᠠᠢ᠌ᠬᠠᠨ ᠳᠤ ᠪᠠᠢ᠌ᠭᠰᠠᠨ ᠶᠤᠮ

ᠴᠢ ᠪᠢ

ᠬᠤᠷᠢᠳᠠᠢ ᠪᠠᠢ᠌ᠭᠰᠠᠨ ᠶᠤᠮ



ᠵᠤᠬᠢᠶᠠᠭᠴᠢ ᠶᠢᠨ ᠬᠠ‍‌ᠶᠢᠭ ᠄ ᠯᠢᠶᠤᠤᠨᠢᠩ ᠮᠤᠵᠢ ᠶᠢᠨ ᠹᠦᠰᠢᠨ

ᠵᠤᠬᠢᠶᠠᠭᠴᠢ᠄ ᠠᠷᠤᠭᠴᠢᠨ·ᠣᠶᠤᠠᠳᠠᠯᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2650
ᠴᠠᠭ᠄ 2012 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ