ᠨᠡᠪᠲᠡᠷᠡᠨ ᠤᠷᠤᠬᠤ
ᠴᠢᠮᠢ᠋ᠢ ᠶᠠᠪᠣᠵᠤ ᠣᠤᠠᠪᠠ ᠭᠡᠭᠦᠯ᠎ᠡ

ᠴᠢᠮᠢ᠋ᠢ ᠶᠠᠪᠣᠵᠤ ᠣᠤᠠᠪᠠ ᠭᠡᠭᠦᠯ᠎ᠡ

ᠴᠢᠠᠳᠠᠨ ᠭᠤᠤᠯ ᠤᠨ ᠡᠩ ᠣᠰᠤ ᠪᠠᠷ ᠳᠤᠠᠳᠠᠷᠠᠵᠤ ᠪᠠᠢ᠌ᠯ᠎ᠠ

ᠴᠢᠨᠠᠭᠰᠠᠨ ᠴᠠᠢ ᠶᠢᠨ ᠳᠠᠪᠣᠰᠤ ᠠᠮᠳᠠ ᠪᠠᠷ ᠳᠤᠳᠠᠵᠤ ᠪᠠᠢ᠌ᠯ᠎ᠠ

ᠴᠢᠳᠤᠷ ᠲᠡᠶ ᠬᠤᠶᠠᠷ ᠪᠣᠷᠤᠯᠠᠭ ᠣᠶᠠᠭᠠᠨ ᠳᠠᠭᠠᠨ ᠡᠷᠭᠢᠴᠡᠵᠤ ᠪᠠᠢ᠌ᠯ᠎ᠠ

ᠴᠡᠭᠡᠵᠢ ᠶᠢᠨ ᠬᠠᠷ᠎ᠠ ᠮᠢᠬᠠᠨ ᠳᠤᠷᠠᠯᠠᠯ ᠶᠢᠡᠷ ᠪᠠᠷᠠᠭᠳᠠᠵᠤ ᠪᠠᠢ᠌ᠯ᠎ᠠ


ᠴᠢᠮᠢ᠋ᠢ ᠶᠠᠪᠣᠵᠤ ᠣᠤᠠᠪᠠ ᠭᠡᠭᠦᠯ᠎ᠡ

ᠡᠪᠦᠷᠳᠦᠯᠡᠵᠤ ᠭᠡᠪᠳᠡᠭ᠍ᠰᠡᠨ ᠡᠷ᠎ᠡ ᠴᠢᠨᠢ ᠵᠢᠷᠦᠭᠡᠨ ᠳᠡᠭᠡᠨ ᠡᠮᠵᠡᠭᠯᠡᠵᠤ ᠪᠠᠢ᠌ᠯ᠎ᠠ

ᠦᠷᠤᠴᠠ ᠡᠴᠠ ᠭᠠᠷᠤᠭᠰᠠᠨ ᠦᠷ᠎ᠡ ᠴᠢᠨᠢ ᠵᠡᠭᠦᠳᠤᠨ ᠳᠡᠭᠡᠨ ᠮᠡᠭ᠍ᠰᠢᠵᠤ ᠪᠠᠢ᠌ᠯ᠎ᠠ

ᠡᠵᠡᠨ ᠦᠭᠡᠶ ᠶᠤᠮ ᠰᠢᠭ ᠭᠡᠷ ᠮᠢᠨᠢ ᠬᠠᠶᠠᠭ᠎ᠠ ᠪᠠᠷ ᠶᠢᠡᠨ ᠬᠠᠩᠬᠠᠢ᠌ᠷᠠᠵᠤ ᠪᠠᠢ᠌ᠯ᠎ᠠ

ᠡᠵᠢ ᠪᠢᠳᠠ ᠬᠤᠶᠠᠷ ᠳᠡᠭᠡᠭᠡᠳ ᠰᠡᠳᠭᠢᠯ ᠶᠢᠡᠷ ᠶᠢᠡᠨ ᠰᠠᠩᠰᠤᠷᠠᠵᠤ ᠪᠠᠢ᠌ᠯ᠎ᠠ


ᠴᠢᠮᠢ᠋ᠢ ᠶᠠᠪᠣᠵᠤ ᠣᠤᠠᠪᠠ ᠭᠡᠭᠦᠯ᠎ᠡ

ᠥᠩᠭᠡ ᠪᠠᠷ ᠠᠳᠠᠭᠠᠷᠬᠠᠳᠠᠭ ᠴᠡᠴᠡᠭ᠌ ᠵᠢᠰᠤᠨ ᠳᠡᠭᠡᠨ ᠭᠤᠮᠤᠳᠠᠷᠬᠠᠵᠤ ᠪᠠᠢ᠌ᠯ᠎ᠠ

ᠦᠳᠦᠨ ᠰᠢᠪᠠᠭᠤᠨ ᠭᠦᠷᠳᠡᠯ᠎ᠡ ᠦᠷᠦᠭᠡᠰᠤᠨ ᠥᠵᠡᠭ᠍ᠳᠡᠵᠤ ᠪᠠᠢ᠌ᠯ᠎ᠠ

ᠦᠯ ᠣᠷᠤᠭᠰᠠᠨ ᠶᠤᠮᠰᠢᠭ ᠪᠢ ᠨᠣᠢ᠌ᠷ ᠭᠦᠷᠭᠦ ᠦᠭᠡᠶ ᠪᠠᠢ᠌ᠯ᠎ᠠ

ᠡᠪᠡᠳᠴᠢᠨ ᠣᠯᠤᠭᠰᠠᠨ ᠶᠤᠮᠰᠢᠭ ᠪᠢ ᠬᠤᠭᠤᠯᠠ ᠣᠷᠤᠬᠤ ᠦᠭᠡᠶ ᠪᠠᠢ᠌ᠯ᠎ᠠ


ᠴᠢᠮᠢ᠋ᠢ ᠶᠠᠪᠣᠵᠤ ᠣᠤᠠᠪᠠ ᠭᠡᠭᠦᠯ᠎ᠡ

᠁ ᠶᠠᠪᠣᠵᠤ ᠣᠤᠠᠪᠠ ᠭᠡᠭᠦᠯ᠎ᠡ

ᠶᠠᠳᠤᠭ᠎ᠠ ᠶᠢᠨ ᠶᠤᠩᠬᠤᠷ ᠣᠳᠠᠰᠤ ᠳᠠᠭᠤᠨ ᠳᠠᠭᠠᠨ ᠳᠠᠰᠤᠷᠠᠵᠤ ᠪᠠᠢ᠌ᠯ᠎ᠠ

ᠢᠨᠠᠭ ᠤᠨ ᠬᠤᠩᠭ᠋ᠤᠷ ᠰᠡᠳᠭᠢᠯ ᠳᠤᠷᠠᠯᠠᠯ ᠳᠠᠭᠠᠨ ᠳᠠᠩᠰᠠᠷᠠᠵᠤ ᠪᠠᠢ᠌ᠯ᠎ᠠ

ᠢᠷᠠᠨ᠎ᠡ ᠯᠠ ᠭᠡᠳᠡᠭ᠌ ᠢᠳᠡᠭᠡᠯ ᠬᠠᠨᠢ ᠪᠠᠷ ᠭᠠᠨᠢᠷᠬᠠᠵᠤ ᠪᠠᠢ᠌ᠯ᠎ᠠ

ᠶᠠᠭᠠᠭᠢᠬᠤ ᠶᠢᠨ ᠠᠷᠭ᠎ᠠ ᠦᠭᠡᠶ ᠪᠢ ᠴᠢᠨᠢ ᠬᠠᠢ᠌ᠷ᠎ᠠ ᠪᠠᠷ ᠭᠠᠭᠴᠠᠭᠠᠷᠳᠠᠵᠤ ᠪᠠᠢ᠌ᠯ᠎ᠠ


ᠴᠢᠮᠢ᠋ᠢ ᠶᠠᠪᠣᠵᠤ ᠣᠤᠠᠪᠠ ᠭᠡᠭᠦᠯ᠎ᠡ

ᠳᠡᠭᠡᠪᠦᠷ ᠮᠠᠶ‍ᠢᠭ ᠤᠨ ᠳᠡᠭ᠍ᠷᠢ ᠳᠤ ᠳᠠᠯᠳᠠᠷ ᠶᠠᠩᠵᠤ ᠶᠢᠨ ᠡᠭᠦᠯᠡ

ᠣᠢ᠌ᠤᠠᠬᠠᠷᠯᠠᠭᠰᠠᠨ ᠭᠢᠷᠢᠳᠠᠢ ᠪᠦᠭᠡᠮᠨᠡᠷᠡᠵᠤ ᠣᠶᠠᠷᠠᠭᠰᠠᠨ ᠭᠡᠮᠡᠨ ᠳᠦᠭᠡᠨᠡᠷᠡᠨ

ᠳᠤᠬᠤᠮ ᠤᠨ ᠳᠦᠩᠭᠡᠨ ᠭᠠᠵᠠᠷ ᠲᠤ ᠳᠤᠪᠴᠢ ᠶᠢᠨ ᠴᠢᠨᠡᠭᠡᠨ ᠬᠤᠷ᠎ᠠ

ᠨᠤᠷᠭᠤᠭᠰᠠᠨ ᠰᠢᠩᠭᠢ ᠥᠰᠡᠭᠡᠷᠡᠵᠤ ᠨᠤᠮᠤᠯᠠᠭᠰᠠᠨ ᠭᠡᠪᠳᠡᠢ ᠵᠦᠰᠠᠷᠠᠪᠠ


ᠴᠢᠮᠢ᠋ᠢ ᠶᠠᠪᠣᠵᠤ ᠣᠤᠠᠪᠠ ᠭᠡᠭᠦᠯ᠎ᠡ

ᠳᠠᠪᠠᠯ ᠤᠨ ᠡᠩᠭᠡᠷ ᠰᠢᠭ᠌ ᠵᠦᠷᠢᠯᠳᠦᠭ᠍ᠰᠡᠨ ᠵᠤᠪᠠᠯ ᠵᠢᠷᠭᠠᠯ ᠢ ᠳᠤᠪᠴᠢᠯᠠᠨ

ᠳᠡᠭᠡᠪᠦᠷ ᠤᠨ ᠪᠦᠴᠡ ᠰᠢᠭ᠌ ᠰᠤᠯᠢᠪᠴᠠᠭᠰᠠᠨ ᠵᠦᠪ ᠪᠣᠷᠤᠭᠤ ᠶᠢ ᠳᠤᠮᠤᠵᠤ

ᠳᠤᠭᠤᠯᠠᠩ ᠨᠢᠯᠪᠣᠰᠤᠳᠠᠢ ᠲᠤᠬᠢᠶᠠᠭᠰᠠᠨ ᠳᠤᠯᠤᠭᠠᠨ ᠪᠣᠷᠬᠠᠤᠨ ᠤᠨ ᠳᠤᠤᠷ᠎ᠠ

ᠳᠤᠳᠤᠷ᠎ᠠ ᠰᠢᠪᠠ ᠲᠡᠶ ᠭᠦᠷᠦᠭᠡᠰᠤ ᠰᠢᠭ᠌ ᠭᠤᠨᠢᠭ ᠰᠡᠭᠦᠷᠡᠰᠦᠯᠡᠵᠤ ᠬᠤᠴᠤᠷᠤᠭᠰᠠᠨ ᠪᠢ


ᠴᠢᠮᠢ᠋ᠢ ᠶᠠᠪᠣᠵᠤ ᠣᠤᠠᠪᠠ ᠭᠡᠭᠦᠯ᠎ᠡ

ᠳᠤᠭᠤᠢ ᠴᠤᠨᠤᠭᠰᠠᠨ ᠬᠠᠷᠠᠴᠠᠨ ᠳᠤ ᠴᠢᠨᠢ ᠰᠢᠳᠠᠵᠤ ᠰᠡᠭᠦᠳᠡᠷ ᠢ ᠴᠢᠨᠢ ᠰᠢᠷᠳᠠᠨ

ᠳᠤᠷᠠᠯᠠᠵᠤ ᠭᠡᠯᠡᠭ᠍ᠰᠡᠨ ᠥᠭᠡᠨ ᠳᠤ ᠴᠢᠨᠢ ᠰᠢᠠᠳᠠᠨ ᠰᠡᠭᠦᠷᠰᠤ ᠠᠯᠳᠠᠬᠤ ᠪᠦᠷᠦᠢ ᠪᠠᠷ

ᠳᠠᠭᠤᠯᠠᠵᠤ ᠪᠠᠷᠢᠭᠰᠠᠨ ᠠᠷᠢᠭᠢᠨ ᠳᠤ ᠴᠢᠨᠢ ᠰᠤᠭᠳᠤᠵᠤ ᠶᠠᠪᠣᠭᠰᠠᠨ ᠶᠢᠡᠨ ᠳᠤᠷᠠᠰᠤᠨ

ᠳᠤᠮᠳᠠ ᠨᠢ ᠪᠠᠰᠠ ᠭᠦᠮᠤᠨ ᠡᠴᠠ ᠬᠠᠷᠠᠳᠠᠨ ᠠᠭᠰᠤᠮ ᠳᠠᠯᠪᠢᠵᠤ ᠶᠠᠪᠣᠯ᠎ᠠ


ᠴᠢᠮᠢ᠋ᠢ ᠶᠠᠪᠣᠵᠤ ᠣᠤᠠᠪᠠ ᠭᠡᠭᠦᠯ᠎ᠡ

ᠥᠭᠡᠢ᠌ᠯᠡᠭᠦ ᠳᠤᠳᠤᠮ ᠦᠨᠡᠳᠠᠢ ᠪᠠᠢ᠌ᠳᠠᠭ ᠢ ᠬᠠᠢ᠌ᠷ᠎ᠠ ᠡᠴᠠ ᠪᠢ ᠣᠬᠠᠭᠠᠷᠠᠵᠤ

ᠣᠤᠭᠠᠨ ᠬᠠᠢ᠌ᠷ᠎ᠠ ᠴᠠᠨᠠᠳᠠᠢ ᠪᠠᠢ᠌ᠳᠠᠭ ᠢ ᠬᠠᠷ᠎ᠠ ᠨᠢᠳᠤᠨ ᠡᠴᠠ ᠴᠢᠨᠢ ᠪᠢ ᠣᠩᠰᠢᠵᠤ

ᠣᠴᠠᠷᠠᠵᠤ ᠬᠠᠭᠠᠴᠠᠬᠤ ᠶᠢᠨ ᠣᠯᠠᠭᠠᠨ ᠳᠤᠭᠤᠰᠤ ᠲᠡᠶ ᠣᠶᠠᠬᠠᠨ ᠽᠠᠮᠪᠣᠲ᠋ᠢᠪ ᠤᠨ ᠨᠤᠶᠠᠬᠠᠨ ᠳᠠᠯ᠎ᠠ ᠵᠢ

ᠣᠰᠤᠨ ᠬᠤᠯᠤᠭᠠᠨ᠎ᠠ ᠪᠣᠯᠳᠠᠯ᠎ᠠ ᠭᠦᠯᠦᠷᠡᠵᠤ ᠬᠤᠨᠤᠭᠰᠠᠨ ᠣᠷᠢᠳᠤ ᠰᠦᠨᠢ ᠡᠴᠠ ᠪᠢ ᠣᠬᠠᠭᠠᠷᠠᠭᠰᠠᠨ ᠶᠤᠮ


ᠴᠢᠮᠢ᠋ᠢ ᠶᠠᠪᠣᠵᠤ ᠣᠤᠠᠪᠠ ᠭᠡᠭᠦᠯ᠎ᠡ

᠁ ᠬᠤᠴᠤᠷᠤᠭᠰᠠᠨ ᠶᠠᠪᠣᠵᠤ ᠣᠤᠠᠪᠠ ᠭᠡᠭᠦᠯ᠎ᠡ

ᠰᠠᠮᠡᠵᠠᠨ ᠴᠠᠭᠠᠨ ᠡᠭᠦᠯᠡ ᠭᠦᠰᠢᠭᠡᠯᠡᠭ᠍ᠰᠡᠨ ᠡᠯᠢᠭᠡᠨ ᠭᠦᠷᠡᠩ ᠬᠠᠳᠠᠨ ᠤ ᠣᠷᠤᠢ ᠳ᠋ᠤ

ᠰᠡᠳᠭᠢᠯ ᠤᠨ ᠪᠠᠳᠠᠭᠢ ᠬᠠᠭᠠᠷᠠᠭᠠᠳᠤᠢ ᠦᠨᠦᠴᠢᠨ ᠰᠢᠪᠠᠭᠤ ᠰᠢᠭ ᠬᠤᠴᠤᠷᠠᠬᠤ ᠳ᠋ᠠᠭᠠᠨ

ᠵᠠᠶᠠᠭᠠᠨ ᠤ ᠪᠣᠳᠤᠩ ᠳᠤ ᠳᠦᠭᠡᠷᠢᠭ᠍ᠰᠡᠨ ᠴᠢᠮᠢ᠋ᠢ ᠪᠠᠨ ᠵᠠᠤᠨ ᠤᠨ ᠳᠡᠭ᠍ᠷᠢ ᠲᠤ ᠵᠠᠯᠪᠢᠷᠠᠨ

ᠵᠠᠮ ᠤᠨ ᠴᠠᠭᠠᠨ ᠺᠠᠳᠠᠩ ᠪᠣᠯᠭᠠᠨ ᠡᠨᠡ ᠰᠢᠯᠦᠭ᠌ ᠶᠢᠡᠨ ᠣᠶᠠᠩᠭ᠋ᠠᠯᠪᠠᠢ᠃


ᠵᠤᠬᠢᠶᠠᠭᠴᠢ ᠶᠢᠨ ᠬᠠᠶ‍ᠢᠭ᠄ ᠰᠢᠠᠵᠢᠶᠠᠩ ᠬᠤᠪᠣᠭᠰᠠᠢ᠌ᠷᠢ ᠰᠢᠶᠠᠨ

ᠵᠤᠬᠢᠶᠠᠭᠴᠢ᠄ ᠺᠠ᠊·ᠴᠠᠷᠠᠠᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2678
ᠴᠠᠭ᠄ 2010 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ