ᠨᠡᠪᠲᠡᠷᠡᠨ ᠤᠷᠤᠬᠤ
ᠠᠩᠬᠠᠨ ᠤ ᠬᠤᠷ᠎ᠠ

ᠰᠢᠪᠠᠷᠡᠩᠭᠡᠨ ᠳᠤᠰᠤᠯᠠᠨᠠᠮ

ᠠᠩᠭ᠋ᠠᠮᠠᠯ ᠬᠤᠷᠸ᠎ᠠ ᠵᠢᠨ

ᠴᠠᠩᠭ᠋ᠠᠭ᠎ᠠ ᠶᠢ ᠳᠠᠢ᠌ᠯᠤᠩᠬᠠᠨ ᠳᠤᠰᠤᠯᠠᠨᠠᠮ

ᠵᠥᠭᠡᠯᠡᠨ ᠭᠦᠷᠦᠰᠤᠨ ᠤ ᠡᠩᠭᠡᠷ ᠢ ᠳᠡᠪᠳᠦᠭᠡᠨ

ᠵᠥᠯᠭᠡ ᠨᠤᠭᠤᠭᠠᠨ ᠤ ᠵᠡᠭᠦᠳᠤ ᠶᠢ ᠰᠡᠷᠢᠭᠡᠵᠤ

ᠠᠯᠤᠰ ᠵᠤᠨ ᠤ ᠰᠤᠷᠠᠭ ᠢ ᠴᠢᠩᠨᠠᠨ

ᠠᠯᠳᠠᠨ ᠳᠡᠯᠡᠭᠡᠢ ᠶᠢᠨ ᠡᠯᠢᠭᠡ ᠶᠢ ᠰᠢᠮᠡᠵᠢᠭᠦᠯᠦᠭ᠍ᠰᠡᠷ

ᠠᠩᠬᠠᠨ ᠤ ᠬᠤᠷ᠎ᠠ

        ᠰᠢᠪᠠᠷᠠᠨ ᠰᠢᠪᠠᠷᠡᠩᠭᠡᠨ ᠳᠤᠰᠤᠯᠠᠨᠠᠮ


ᠠᠩᠬᠠᠨ ᠤ ᠬᠤᠷ᠎ᠠ

        ᠰᠢᠪᠠᠷᠠᠨ ᠰᠢᠪᠠᠷᠡᠩᠭᠡᠨ ᠳᠤᠰᠤᠯᠠᠨᠠᠮ

ᠠᠩᠭ᠋ᠠᠮᠠᠯ ᠬᠤᠷᠸ᠎ᠠ ᠵᠢᠨ

ᠴᠠᠩᠭ᠋ᠠᠭ᠎ᠠ ᠵᠢ ᠲ᠋ᠠᠢ᠌ᠯᠤᠩᠬᠠᠨ ᠰᠢᠪᠠᠨᠠᠨᠠᠮ

ᠭᠦᠭᠡᠭᠡ ᠡᠪᠦᠯ ᠢ ᠭᠦᠭᠡᠭᠡᠵᠤ ᠮᠤᠷᠳᠠᠭᠤᠯᠤᠭᠰᠠᠨ

ᠭᠡᠦᠭᠡᠨ ᠬᠠᠪᠣᠷ ᠤᠨ ᠮᠤᠷᠢᠯᠠᠨ ᠰᠠᠭᠠᠳᠠᠭᠰᠠᠨ ᠢ

ᠪᠣᠳᠠᠨ ᠡᠩᠭᠡᠷ ᠬᠤᠨᠤᠭᠯᠠᠭᠰᠠᠨ

ᠪᠣᠯᠵᠤᠮᠤᠷ ᠰᠢᠪᠠᠤᠬᠠᠢ ᠳᠤ ᠰᠢᠪᠠᠨᠠᠨᠠᠮ


ᠠᠩᠬᠠᠨ ᠤ ᠬᠤᠷ᠎ᠠ

        ᠰᠢᠪᠠᠷᠠᠨ ᠰᠢᠪᠠᠷᠡᠩᠭᠡᠨ ᠨᠠᠮᠢᠷᠠᠨᠠᠮ

ᠠᠩᠭ᠋ᠠᠮᠠᠯ  ᠬᠤᠷᠸ᠎ᠠ ᠵᠢᠨ

        ᠴᠠᠩᠭ᠋ᠠᠭ᠎ᠠ ᠶᠢ ᠳᠠᠢ᠌ᠯᠤᠩᠬᠠᠨ ᠨᠠᠮᠢᠷᠠᠨᠠᠮ

ᠨᠢᠷᠠᠢ ᠠᠭᠢ ᠵᠢᠨ

       ᠮᠠᠯᠮᠠᠢ ᠵᠢ ᠥᠨᠦᠰᠤᠩᠭᠡᠨ

ᠨᠢᠯᠬ᠎ᠠ ᠳᠠᠭᠠᠨ᠎ᠠ ᠵᠢᠨ

        ᠦᠨᠦᠷ ᠢ ᠮᠢᠯᠢᠶᠠᠩᠬᠠᠨ

ᠠᠮᠢ ᠠᠮᠢᠯᠠᠯ ᠤᠨ ᠦᠭ‍ᠬᠢᠶᠠᠮᠤᠷ ᠰᠠᠴᠤᠯᠢ

ᠠᠩᠬᠠᠨ ᠤ ᠬᠤᠷ᠎ᠠ

ᠰᠢᠪᠠᠷᠠᠨ ᠰᠢᠪᠠᠷᠡᠩᠭᠡᠨ ᠨᠠᠮᠢᠷᠠᠨᠠᠮ


ᠠᠩᠬᠠᠨ ᠤ ᠬᠤᠷ᠎ᠠ

        ᠰᠢᠪᠠᠷᠠᠨ ᠰᠢᠪᠠᠷᠡᠩᠭᠡᠨ ᠰᠢᠪᠠᠷᠠᠨᠠᠮ

ᠠᠩᠭ᠋ᠠᠮᠠᠯ  ᠬᠤᠷᠸ᠎ᠠ ᠵᠢᠨ

        ᠴᠠᠩᠭ᠋ᠠᠭ᠎ᠠ ᠶᠢ ᠳᠠᠢ᠌ᠯᠤᠩᠬᠠᠨ ᠰᠢᠪᠠᠷᠠᠨᠠᠮ

ᠠᠯᠤᠰ ᠳᠡᠭ᠍ᠷᠢ ᠶᠢᠨ ᠬᠠᠶᠠᠭᠠᠨ ᠳ᠋ᠤ

ᠠᠳᠤᠭᠤᠨ ᠳᠦᠪᠠᠷᠭᠡᠨ ᠰᠤᠨᠤᠷᠳᠤᠵᠤ

ᠠᠭᠤᠯᠠᠰ ᠤᠨ ᠴᠡᠩᠭᠡᠷ ᠳᠤᠯᠤᠭᠤᠳ ᠵᠢᠠᠷ

ᠠᠭᠤᠳᠠᠮ ᠳᠠᠯ᠎ᠠ ᠶᠢᠨ ᠳᠤᠮᠳᠠᠭᠤᠷ

ᠭᠡᠷᠡᠯ ᠴᠠᠭᠢᠯᠭᠠᠨ ᠳᠠᠰᠢᠭᠤᠷᠳᠠᠭᠰᠠᠭᠠᠷ

ᠠᠩᠬᠠᠨ ᠤ ᠬᠤᠷ᠎ᠠ

        ᠰᠢᠪᠠᠷᠠᠨ ᠰᠢᠪᠠᠷᠡᠩᠭᠡᠨ ᠰᠢᠪᠠᠷᠠᠨᠠᠮ

ᠠᠩᠬᠠᠨ ᠤ ᠬᠤᠷ᠎ᠠ

        ᠰᠢᠪᠠᠷᠠᠨ ᠰᠢᠪᠠᠷᠡᠩᠭᠡᠨ ᠱᠠᠭᠢᠨᠠᠮ

ᠠᠩᠭ᠋ᠠᠮᠠᠯ ᠬᠤᠷᠸ᠎ᠠ ᠵᠢᠨ

        ᠴᠠᠩᠭ᠋ᠠᠭ᠎ᠠ ᠶᠢ ᠳᠠᠢ᠌ᠯᠤᠩᠬᠠᠨ ᠱᠠᠭᠢᠨᠠᠮ

ᠠᠳᠤᠭᠤ ᠮᠠᠯ ᠳ᠋ᠤ

        ᠲ᠋ᠠᠷᠭᠤ ᠶᠡᠭᠦᠯᠡᠩᠭᠡᠨ ᠰᠠᠭᠢᠨᠠᠮ

ᠠᠳᠠᠷ ᠳᠠᠷᠢᠶᠠᠨ ᠳᠤ

        ᠢᠳᠠ ᠶᠡᠭᠦᠯᠡᠩᠭᠡᠨ ᠱᠠᠭᠢᠨᠠᠮ

ᠪᠦᠳᠤᠨ ᠬᠤᠷᠸ᠎ᠠ ᠳ᠋ᠤ

        ᠴᠢᠰᠤ ᠶᠡᠭᠦᠯᠡᠩᠭᠡᠨ ᠱᠡᠭᠢᠨᠡᠮ

ᠪᠦᠮᠪᠦᠷᠴᠡᠭ᠌ ᠳᠡᠯᠡᠭᠡᠢ ᠳ᠋ᠤ                                  

ᠳᠤᠰᠤ ᠶᠡᠭᠦᠯᠡᠩᠭᠡᠨ ᠱᠠᠭᠢᠨᠠᠮ


                2012.5.8    

                  

ᠵᠤᠬᠢᠶᠠᠭᠴᠢ ᠶᠢᠨ ᠬᠠ‍‌ᠶᠢᠭ ᠄ ᠵᠠᠷᠤᠳ ᠬᠤᠰᠢᠭᠤᠨ ᠤ ᠪᠠᠶᠠᠠᠮᠠᠩᠬ᠎ᠠ ᠰᠤᠷᠭᠠᠭᠤᠯᠢ

ᠵᠤᠬᠢᠶᠠᠭᠴᠢ᠄ ᠳᠢᠶ‍ᠧ ᠮᠢᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2652
ᠴᠠᠭ᠄ 2012 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ