ᠨᠡᠪᠲᠡᠷᠡᠨ ᠤᠷᠤᠬᠤ
ᠴᠢᠮᠠᠨ᠎ᠡ ᠪᠢ

ᠢᠷᠠᠭᠤ ᠨᠠᠢ᠌ᠷᠠᠭ ᠤᠨ ᠰᠠᠢ᠌ᠬᠠᠨ ᠵᠢᠠᠷ

ᠵᠢᠷᠦᠭᠡ ᠰᠡᠳᠭᠢᠯ ᠶᠢᠡᠨ ᠴᠢᠮᠠᠨ᠎ᠡ ᠪᠢ

ᠢᠯᠳᠠᠮ ᠬᠤᠩᠭ᠋ᠤᠷ ᠠᠷᠠᠠᠰᠢᠨ ᠵᠢᠠᠷ

ᠪᠠᠶ᠎ᠠ ᠭᠠᠯᠪᠢᠷ ᠶᠢᠡᠨ ᠴᠢᠮᠠᠨ᠎ᠡ ᠪᠢ

ᠬᠠᠳᠠᠭᠤ ᠴᠢᠩᠭ᠎ᠠ ᠪᠣᠯᠪᠠᠰᠤᠷᠠᠯ ᠵᠢᠠᠷ

ᠳᠡᠩᠭᠡᠭᠡ ᠰᠦᠯᠳᠡ ᠪᠠᠨ ᠴᠢᠮᠠᠨ᠎ᠡ ᠪᠢ

ᠬᠠᠨ ᠮᠤᠩᠭ᠋ᠤᠯ ᠡᠭᠡᠰᠢᠭ᠌ ᠵᠢᠠᠷ

ᠣᠶᠤᠨ ᠳᠠᠷᠢᠭᠢ ᠪᠠᠨ ᠴᠢᠮᠠᠨ᠎ᠡ ᠪᠢ

ᠠᠷᠠᠯᠳᠤ ᠬᠤᠭᠤᠷ ᠤᠨ ᠠᠶᠠᠯᠭᠤ ᠪᠠᠷ

ᠠᠳᠠᠯ ᠭᠡᠷ ᠶᠢᠡᠨ ᠴᠢᠮᠠᠨ᠎ᠡ ᠪᠢ

ᠠᠪᠣ ᠶᠢᠨ ᠴᠢᠮᠪᠠᠢ ᠰᠦᠰᠦ ᠪᠠᠷ

ᠠᠰ ᠤᠨ ᠪᠠᠶ᠎ᠠ ᠪᠠᠨ ᠴᠢᠮᠠᠨ᠎ᠡ ᠪᠢ

ᠵᠢᠭᠦᠷᠳᠡᠨ ᠨᠢᠰᠴᠤ ᠪᠠᠢ᠌ᠭᠰᠠᠨ ᠳᠠᠯ᠎ᠠ ᠪᠠᠨ

ᠳᠡᠭ᠍ᠷᠢ ᠶᠢᠨ ᠥᠩᠭᠡ ᠪᠠᠷ ᠴᠢᠮᠠᠨ᠎ᠡ ᠪᠢ

ᠵᠡᠷᠭᠡᠯᠭᠡᠨ ᠳᠠᠳᠠᠵᠤ ᠪᠠᠢ᠌ᠭᠰᠠᠨ ᠭᠤᠪᠢ ᠪᠠᠨ

ᠨᠤᠭᠤᠭᠠᠨ ᠡᠪᠠᠰᠤ ᠪᠠᠷ ᠴᠢᠮᠠᠨ᠎ᠡ ᠪᠢ

ᠬᠠᠨ ᠳᠡᠭ᠍ᠷᠢ ᠭᠦᠳᠡᠭᠡ ᠪᠠᠨ

ᠨᠠᠷᠠᠨ ᠳᠤᠭᠤᠨᠤ ᠪᠠᠷ ᠴᠢᠮᠠᠨ᠎ᠡ ᠪᠢ

ᠬᠠᠳᠤᠨ ᠬᠤᠤᠯᠢᠨ ᠤ ᠱᠤᠤᠭᠢᠶ᠎ᠠ ᠪᠠᠨ

ᠵᠢᠭᠠᠰᠤ ᠵᠢᠷᠠᠭᠠᠬᠠᠢ ᠪᠠᠷ ᠴᠢᠮᠠᠨ᠎ᠡ ᠪᠢ

ᠢᠳᠠᠷ ᠨᠠᠰᠤᠨ ᠤ ᠳᠦᠷᠦᠭᠡ ᠪᠠᠨ

ᠡᠭᠡᠰᠢᠭ᠌ ᠳᠤᠯᠤᠭ᠎ᠠ ᠪᠠᠷ ᠴᠢᠮᠠᠨ᠎ᠡ ᠪᠢ

ᠢᠷᠡᠭᠡᠳᠦᠢ ᠠᠮᠢᠳᠤᠷᠠᠯ ᠳᠤᠭ ᠵᠢᠠᠨ

ᠡᠪ ᠤᠨ ᠨᠤᠲ᠋ ᠶᠢᠠᠷ ᠴᠢᠮᠠᠨ᠎ᠡ ᠪᠢ

ᠴᠡᠴᠡᠭᠡᠰ ᠠᠳᠠᠭᠠᠷᠬᠠᠮ᠎ᠠ ᠬᠡᠦᠬᠡᠳ ᠵᠢᠠᠨ

ᠴᠢᠳᠠᠪᠣᠷᠢ ᠮᠡᠷᠭᠡᠵᠢᠯ ᠶᠢᠡᠷ ᠴᠢᠮᠠᠨ᠎ᠡ

ᠴᠠᠢ᠌ᠳᠠᠮ ᠭᠦᠳᠡᠭᠡ ᠳᠠᠯ᠎ᠠ ᠪᠠᠨ

ᠴᠢᠠᠳᠠᠮᠤᠨᠢ ᠡᠷᠳᠡᠨᠢ ᠪᠠᠷ ᠴᠢᠮᠠᠨ᠎ᠡ ᠪᠢ

ᠡᠵᠢ ᠠᠪᠣ ᠶᠢᠨ ᠰᠤᠷᠭᠠᠯ ᠶᠢᠡᠨ

ᠮᠥᠩᠭᠡ ᠳᠡᠭ᠍ᠷᠢ ᠪᠠᠷ ᠴᠢᠮᠠᠨ᠎ᠡ ᠪᠢ

ᠡᠯᠢᠭᠡᠳᠡᠨ ᠣᠨᠠᠭᠰᠠᠨ ᠰᠢᠷᠤᠢ ᠪᠠᠨ

ᠮᠤᠩᠭ᠋ᠤᠯ ᠭᠡᠵᠤ ᠴᠢᠮᠠᠨ᠎ᠡ ᠪᠢ

ᠦᠷᠭᠡᠨ ᠠᠭᠤᠳᠠᠮ ᠳᠠᠯ᠎ᠠ ᠪᠠᠨ

ᠨᠤᠭᠤᠭᠠᠷᠠᠵᠤ ᠪᠠᠢ᠌ᠬᠤ ᠪᠠᠷ ᠴᠢᠮᠠᠨ᠎ᠡ ᠪᠢ

ᠦᠨᠳᠦᠷ ᠰᠦᠷᠯᠢᠭ᠌ ᠠᠭᠤᠯᠠ ᠪᠠᠨ

ᠭᠦᠭᠡᠷᠡᠵᠤ ᠪᠠᠢ᠌ᠬᠤ ᠪᠠᠷ ᠴᠢᠮᠠᠨ᠎ᠡ ᠪᠢ

ᠮᠠᠷᠭᠠᠰᠢ ᠶᠢᠨ ᠰᠠᠢ᠌ᠬᠠᠨ ᠢᠷᠡᠭᠡᠳᠦᠢ ᠪᠠᠨ

ᠮᠠᠠᠳᠤᠬᠤ ᠨᠠᠷᠠ ᠪᠠᠷ ᠴᠢᠮᠠᠨ᠎ᠡ ᠪᠢ

ᠮᠠᠨ ᠤ ᠰᠠᠢ᠌ᠬᠠᠨ ᠮᠤᠩᠭ᠋ᠤᠯ ᠶᠢᠡᠨ

ᠭᠦᠭ᠍ᠵᠢᠵᠤ ᠪᠠᠢ᠌ᠬᠤ ᠪᠠᠷ ᠴᠢᠮᠠᠨ᠎ᠡ ᠪᠢ


ᠴᠢᠮᠠᠨ᠎ᠡ ᠪᠢ᠂ ᠴᠢᠮᠠᠨ᠎ᠡ

ᠰᠡᠳᠭᠢᠯ ᠶᠢᠡᠷ ᠴᠢᠮᠠᠨ ᠪᠠᠶᠠᠰᠤᠨ᠎ᠠ

ᠰᠦ᠋ ᠪᠠᠷ ᠴᠢᠮᠠᠨ ᠳᠤᠭᠳᠤᠯᠤᠨ᠎ᠠ

ᠨᠠᠢ᠌ᠷᠠᠭ ᠶᠢᠡᠷ ᠴᠢᠮᠠᠨ ᠰᠤᠭᠳᠤᠭᠤᠷᠠᠨ᠎ᠠ

ᠨᠠᠷᠠᠨ ᠶᠢᠡᠷ ᠴᠢᠮᠠᠨ ᠣᠮᠤᠭᠰᠢᠨ᠎ᠠ



ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10438
ᠴᠠᠭ᠄ 2013 ᠤᠨ ᠤ 10 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ