☆ ᠠᠰᠬ᠎ᠠ ᠶᠢᠨ ᠣᠰᠤ
ᠰᠤᠷᠤᠯᠭ᠎ᠠ ᠶᠢᠨ ᠬᠠᠨᠢ ᠰᠡᠳᠭᠢᠯ ᠤᠨ ᠨᠠᠢ᠌ᠵᠠ
᠊᠊᠊᠊᠊᠊᠊᠊᠊᠊᠊᠊᠊᠊᠊ 《ᠭᠢᠩᠭ᠋ᠠᠨ ᠤ ᠡᠳᠤᠷ ᠤᠨ ᠰᠤᠨᠢᠨ》 ᠊ᠤ ᠮᠤᠩᠭ᠋ᠤᠯ ᠭᠡᠪᠯᠡᠯ ᠮᠡᠡᠳᠦᠯᠡᠭ᠍ᠰᠡᠨ 30 ᠵᠢᠯ ᠤᠨ ᠤᠢ ᠳᠤ ᠡᠷᠭᠦᠨ ᠳᠡᠪᠰᠢᠭᠦᠯᠪᠡ᠃
ᠳᠠᠷᠠ ᠡᠳᠤᠷ 《ᠭᠢᠩᠭ᠋ᠠᠨ ᠤ ᠡᠳᠤᠷ ᠤᠨ ᠰᠤᠨᠢᠨ》 ᠊ᠤ 《ᠭᠤᠯᠤᠮᠳᠠ》 ᠭᠠᠷᠠᠭ ᠤᠨ ᠭᠡᠪᠯᠡᠯ ᠡᠴᠡ 《〈ᠬᠠᠮᠳᠤ ᠳᠤᠭᠤᠯᠤᠭᠰᠠᠨ 30 ᠵᠢᠯ〉 ᠭᠡᠮᠡᠭᠦ ᠡᠭᠡ ᠪᠢᠴᠢᠭ᠌ ᠡᠯᠰᠡᠭᠦ ᠮᠡᠳᠡᠭ᠍ᠳᠡᠯ》 ᠊ᠢ ᠣᠯᠵᠠᠷᠬᠠᠨ ᠣᠩᠰᠢᠬᠤ ᠳᠤ ᠦᠪᠡᠷ ᠤᠨ ᠡᠷᠭᠡ ᠦᠭᠡᠶ ᠰᠡᠳᠭᠢᠯ ᠳᠤᠭᠳᠤᠯᠵᠤ᠂ ᠣᠮᠤᠭᠰᠢᠯ ᠳᠦᠷᠤᠨ᠎ᠡ᠃ ᠰᠸᠯᠡᠭᠡᠵᠡᠪ ᠨᠥᠭᠦᠷ ᠤᠨ 《ᠮᠤᠩᠭ᠋ᠤᠯ ᠰᠤᠨᠢᠨ ᠡᠷᠭᠢᠯᠡᠭ᠍ᠰᠡᠨ 26 ᠵᠢᠯ》 ᠭᠡᠭᠦ ᠭᠣᠢ᠌ᠳᠠ ᠨᠠᠢ᠌ᠷᠠᠭᠤᠯᠤᠯ ᠢ ᠠᠮᠳᠠᠷᠬᠠᠨ ᠣᠩᠰᠢᠬᠤ ᠳᠤ ᠴᠡᠭᠡᠵᠢ ᠳᠠᠨᠢ᠌ᠵᠤ᠂ ᠰᠡᠳᠭᠢᠯ ᠰᠡᠷᠭᠦᠵᠤ᠂ ᠰᠠᠨᠠᠭ᠎ᠠ ᠭᠦᠪᠦᠯᠵᠡᠨ᠎ᠡ ︕ 《ᠭᠢᠩᠭ᠋ᠠᠨ ᠤ ᠡᠳᠤᠷ ᠤᠨ ᠰᠤᠨᠢᠨ》 ᠠᠵᠢᠯ ᠤᠨ ᠭᠠᠠᠵᠤᠭ᠎ᠠ ᠴᠢᠩᠭ᠋ᠠᠯᠠᠵᠤ᠂ ᠣᠢ᠌ᠯᠠᠰ ᠤᠨ ᠳᠦᠷᠦᠭᠡ ᠬᠠᠩᠭᠢᠨᠠᠭᠤᠯᠵᠤ᠂ ᠠᠵᠢᠯ ᠳᠠᠭᠠᠨ ᠠᠮᠵᠢᠯᠳᠠ ᠭᠢᠯᠠᠯᠵᠠᠭᠤᠯᠵᠤ᠂ ᠣᠢ᠌ᠯᠠᠰ ᠲᠡᠭᠡᠨ ᠪᠦᠳᠦᠭᠡᠯ ᠰᠥᠮᠪᠦᠷᠯᠡᠭᠦᠯᠵᠤ᠂ 30 ᠵᠢᠯ ᠤᠨ ᠬᠠᠪᠣᠷ ᠨᠠᠮᠤᠷ ᠤᠨ ᠠᠮᠢᠳᠤᠷᠠᠯ ᠤᠨ ᠵᠠᠮ ᠳᠤ ᠮᠢᠨᠢ ᠰᠤᠷᠤᠯᠭ᠎ᠠ ᠶᠢᠨ ᠬᠠᠨᠢ᠂ ᠣᠬᠠᠭᠠᠨ ᠤ ᠴᠢᠮᠡᠭ᠌᠂ ᠠᠮᠢᠳᠤᠷᠠᠯ ᠤᠨ ᠠᠠᠳᠠ ᠪᠣᠯᠵᠤ ᠢᠳᠡᠭᠡᠰᠢᠨ ᠠᠭᠤᠰᠤᠭᠰᠠᠨ ᠪᠠᠢ᠌ᠨ᠎ᠠ᠃
ᠪᠠᠭ᠎ᠠ ᠶᠢᠨ ᠦᠶ᠎ᠡ ᠳᠤ ᠮᠠᠨ ᠤ ᠭᠦᠳᠡᠭᠡ ᠭᠠᠵᠠᠷ ᠪᠢᠴᠢᠭ᠌ ᠰᠤᠶᠤᠯ ᠲᠡᠶ ᠭᠦᠮᠤᠨ ᠴᠥᠭᠡᠨ ᠶᠢᠡᠷ ᠪᠠᠷᠠᠬᠤ ᠦᠭᠡᠶ᠂ ᠠᠮᠳᠠᠷᠬᠠᠨ ᠣᠩᠰᠢᠬᠤ ᠨᠤᠮ ᠰᠡᠳᠭᠦᠯ ᠴᠤ ᠬᠤᠪᠣᠷ ᠪᠠᠢ᠌ᠭᠰᠠᠨ ᠶᠤᠮ᠃ ᠠᠩᠬ᠎ᠠ ᠵᠡᠷᠭᠡ ᠶᠢᠨ ᠬᠤᠶᠠᠳᠤᠭᠠᠷ ᠣᠨ ᠳᠤ ᠰᠤᠷᠤᠯᠴᠠᠵᠤ ᠪᠠᠢ᠌ᠭᠰᠠᠨ ᠲ᠋ᠠᠷᠠ ᠵᠢᠯ ᠤᠨ ᠨᠢᠭᠡᠨ ᠭᠠᠷᠠᠭ ᠤᠨ ᠡᠳᠤᠷ ᠪᠢ ᠨᠠᠭᠠᠴᠤ ᠠᠪᠣ ᠶᠢᠨ ᠳᠤ ᠳᠤᠭᠤᠷᠢᠬᠤ ᠪᠠᠷ ᠣᠴᠢᠯ᠎ᠠ᠃ ᠨᠠᠭᠠᠴᠤ ᠠᠪᠣ ᠮᠢᠨᠢ ᠭᠠᠴᠠᠭ᠎ᠠ ᠱᠦᠵᠢ ᠶᠢᠨ ᠠᠯᠪᠠ ᠲᠡᠶ ᠪᠠᠢ᠌ᠭᠰᠠᠨ ᠪᠢᠯᠠ᠃ ᠨᠠᠳᠠ ᠶᠢ ᠣᠴᠢᠬᠤ ᠳᠤ ᠨᠠᠭᠠᠴᠤ ᠠᠪᠣ ᠮᠢᠨᠢ ᠬᠠᠠᠵᠤ ᠢᠷᠮᠡᠭ᠍ᠳᠡᠨ ᠰᠠᠭᠤᠭᠠᠤᠨ ᠰᠤᠨᠢᠨ ᠦᠵᠡᠵᠤ ᠪᠠᠢ᠌ᠯ᠎ᠠ᠃ ᠨᠠᠳᠠ ᠶᠢ ᠥᠵᠡᠭᠡᠳ ᠨᠠᠭᠠᠴᠤ ᠠᠪᠣ ᠮᠢᠨᠢ ᠰᠤᠨᠢᠨ ᠶᠢᠡᠨ ᠳᠠᠯᠪᠢᠭᠠᠤᠨ᠄ 《ᠭᠦᠤ ᠮᠢᠨᠢ᠂ ᠠᠮᠠᠷᠠᠯᠳᠠ ᠪᠠᠷ ᠭᠡᠷ ᠲᠡᠭᠡᠨ ᠢᠷᠠᠪᠠᠤ ︖》 ᠭᠡᠵᠤ ᠠᠰᠠᠭᠤᠨ᠎ᠠ᠃ ᠪᠢ ᠶᠤᠰᠤ ᠳᠠᠳᠤᠢ 《ᠳᠠᠢ᠌ᠮᠤ》 ᠭᠡᠵᠤ ᠬᠠᠷᠢᠭᠤ ᠦᠭᠭᠦ ᠶᠢᠨ ᠳᠠᠭᠤ ᠨᠠᠭᠠᠴᠤ ᠠᠪᠣ ᠶᠢᠨ ᠬᠠᠩᠵᠤᠨ ᠳᠡᠭᠡᠷ᠎ᠡ ᠪᠠᠨ ᠳᠠᠯᠪᠢᠭᠰᠠᠨ ᠰᠤᠨᠢᠨ ᠢ ᠰᠢᠷᠪᠢᠪᠠᠯ 《ᠭᠢᠩᠭ᠋ᠠᠨ ᠤ ᠡᠳᠤᠷ ᠤᠨ ᠰᠤᠨᠢᠨ》 ᠭᠡᠭᠦ ᠭᠡᠳᠤᠨ ᠳᠤᠮᠤ ᠥᠰᠦᠭ᠌ ᠨᠢᠳᠤᠨ ᠳᠤ ᠣᠠᠴᠠ ᠳᠤᠳᠤᠨᠤ ᠬᠠᠷᠠᠭᠳ᠋ᠠᠯ᠎ᠠ᠃ ᠳᠡᠭᠡᠭᠡᠳ ᠪᠢ ᠦᠪᠡᠷ ᠤᠨ ᠡᠷᠭᠡ ᠦᠭᠡᠶ ᠭᠠᠷ ᠤᠨ ᠠᠶ᠎ᠠ ᠪᠠᠷ ᠠᠪᠴᠤ ᠠᠮᠳᠠᠷᠬᠠᠨ ᠣᠩᠰᠢᠬᠤ ᠳᠤ 《ᠳᠤᠭᠤᠷ ᠤᠨ ᠭᠤᠤᠯ》 ᠪᠣᠯᠤᠩ ᠤᠨ ᠰᠢᠯᠦᠭ᠌ ᠨᠠᠢ᠌ᠷᠠᠭᠤᠯᠤᠯ ᠤᠳ ᠠᠷᠭ᠎ᠠ ᠦᠭᠡᠶ ᠮᠢᠨᠤ ᠪᠠᠬ᠎ᠠ ᠶᠢ ᠳᠠᠳᠠᠵᠤ᠂ ᠣᠷᠮ᠎ᠠ ᠶᠢ ᠮᠢᠨᠢ ᠭᠦᠭ᠍ᠵᠢᠭᠡᠯ᠎ᠡ᠃ ᠳᠠᠷᠠ ᠡᠳᠤᠷ ᠡᠴᠡ ᠡᠭᠢᠯᠠᠵᠤ ᠪᠢ 《ᠭᠢᠩᠭ᠋ᠠᠨ ᠤ ᠡᠳᠤᠷ ᠤᠨ ᠰᠤᠨᠢᠨ》 ᠲᠡᠶ ᠵᠠᠪᠰᠢᠶᠠᠨ ᠶᠢᠡᠷ ᠵᠤᠯᠭᠠᠵᠤ᠂ ᠵᠤᠯ ᠶᠢᠡᠷ ᠳᠠᠨᠢᠯᠴᠠᠨ᠂ ᠰᠠᠯᠤᠰᠢ ᠦᠭᠡᠶ ᠬᠤᠪᠢ ᠪᠠᠷᠢᠯᠳᠤᠯᠭ᠎ᠠ ᠲᠡᠶ ᠪᠣᠯᠤᠭᠰᠠᠨ ᠪᠢᠯᠠ ︕ ᠭᠠᠷᠠᠭ ᠤᠨ ᠠᠮᠠᠷᠠᠯᠳᠠ ᠪᠣᠯᠬᠤ ᠪᠦᠷᠢ ᠨᠠᠭᠠᠴᠤ ᠠᠪᠣ ᠶᠢᠨ ᠳᠤ ᠭᠦᠷᠴᠤ 《ᠭᠢᠩᠭ᠋ᠠᠨ ᠤ ᠡᠳᠤᠷ ᠤᠨ ᠰᠤᠨᠢᠨ》 ᠭᠦᠷᠭᠡᠵᠤ ᠢᠷᠡᠭ᠍ᠰᠡᠨ ᠡᠰᠡᠭᠦ ᠶᠢ ᠯᠠᠪᠯᠠᠨ ᠰᠤᠷᠠᠳᠠᠭ ᠰᠠᠨ᠃ ᠢᠷᠡᠭᠡ ᠦᠭᠡᠶ ᠪᠠᠢ᠌ᠪᠠᠯ ᠣᠷᠮ᠎ᠠ ᠥᠭᠡᠢ᠌ᠭᠡᠨ ᠭᠡᠷ ᠲᠡᠭᠡᠨ ᠪᠣᠴᠠᠳᠠᠭ ᠪᠠᠢ᠌ᠭᠰᠠᠨ ᠶᠤᠮ᠃ ᠭᠡᠷᠪᠡ 《ᠭᠢᠩᠭ᠋ᠠᠨ ᠤ ᠡᠳᠤᠷ ᠤᠨ ᠰᠤᠨᠢᠨ》 ᠢᠷᠡᠭ᠍ᠰᠡᠨ ᠪᠠᠢ᠌ᠪᠠᠯ ᠠᠯᠭᠠᠰᠠᠨ ᠪᠠᠶᠠᠷᠯᠠᠵᠤ᠂ 《ᠳᠤᠭᠤᠷ ᠤᠨ ᠭᠤᠤᠯ》᠂ 《ᠣᠳᠤᠨ ᠰᠦᠷᠦᠭ᠌》 ᠪᠣᠯᠤᠩ ᠳ᠋ᠠᠭᠢ ᠰᠢᠯᠦᠭ᠌ ᠵᠤᠬᠢᠶᠠᠯ ᠤᠳ ᠢ ᠨᠢᠭᠡᠯᠡ ᠠᠮᠢᠰᠬᠤᠭ᠎ᠠ ᠪᠠᠷ ᠠᠯᠳᠠᠯ ᠦᠭᠡᠶ ᠠᠮᠳᠠᠷᠬᠠᠨ ᠣᠩᠰᠢᠵᠤ ᠣᠷᠠᠨ ᠵᠤᠬᠢᠶᠠᠯ᠂ ᠤᠶᠠᠩᠭ᠎ᠠ ᠰᠢᠯᠦᠭ᠌ ᠤᠨ ᠶᠢᠷᠳᠢᠠᠴᠤ ᠪᠠᠷ ᠠᠶᠠᠯᠠᠨ᠂ ᠣᠶᠤᠨ ᠤ ᠰᠢᠮ᠎ᠠ ᠭᠦᠷᠳᠡᠵᠤ᠂ ᠪᠢᠯᠢᠭ᠌ ᠤᠨ ᠳᠡᠵᠢᠭᠡᠯ ᠣᠯᠳᠠᠭ ᠰᠠᠨ᠃ ᠳᠠᠢ᠌ᠮᠤ ᠪᠠᠷ ᠶᠢᠡᠨ 《ᠭᠢᠩᠭ᠋ᠠᠨ ᠤ ᠡᠳᠤᠷ ᠤᠨ ᠰᠤᠨᠢᠨ》 ᠮᠢᠨᠢ ᠨᠠᠳᠠᠳᠤ ᠵᠤᠷᠢᠭ ᠳᠠᠮᠢᠷ ᠦᠭᠭᠦᠭ᠍ᠰᠡᠭᠡᠷ ᠢᠷᠡᠭ᠍ᠰᠡᠨ ᠶᠤᠮ᠃
ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ ᠳᠤ ᠰᠤᠷᠤᠯᠴᠠᠵᠤ ᠪᠠᠢ᠌ᠭᠰᠠᠨ ᠬᠤᠭᠤᠴᠠᠭᠠᠨ ᠳᠤ ᠬᠠᠮᠳᠤ ᠰᠤᠷᠤᠭᠴᠢ ᠪᠢᠳᠠᠨᠠᠷ 《ᠭᠢᠩᠭ᠋ᠠᠨ ᠤ ᠡᠳᠤᠷ ᠤᠨ ᠰᠤᠨᠢᠨ》 ᠶ᠋ᠢᠡᠨ ᠪᠠᠬᠠᠷᠬᠠᠨ ᠣᠩᠰᠢᠬᠤ ᠶᠢᠨ ᠳᠠᠭᠠᠤ ᠣᠷᠠᠨ ᠵᠤᠬᠢᠶᠠᠯ ᠳᠤ ᠪᠠᠬ᠎ᠠ ᠲᠡᠶ ᠭᠡᠳᠦᠭᠦᠯᠡ ᠪᠠᠨ ᠭᠢᠴᠢᠶᠠᠯ ᠤᠨ ᠰᠢᠷᠡᠭᠡ ᠪᠠᠨ ᠳᠤᠭᠤᠷᠢᠨ ᠰᠠᠭᠤᠯᠴᠠᠵᠤ ᠣᠩᠰᠢᠭᠰᠠᠨ ᠰᠢᠯᠦᠭ᠌ ᠵᠤᠬᠢᠶᠠᠯ ᠶᠢᠡᠨ ᠰᠢᠭᠦᠮᠵᠢᠯᠡᠨ ᠦᠨᠡᠯᠠᠵᠤ ᠦᠪᠡᠷ ᠦᠪᠡᠷ ᠤᠨ ᠦᠵᠡᠯᠳᠠ ᠰᠢᠭᠦᠮᠵᠢ ᠪᠠᠨ ᠳᠡᠯᠭᠡᠨ ᠶᠠᠷᠢᠵᠤ ᠣᠷᠮ᠎ᠠ ᠪᠠᠬ᠎ᠠ ᠲᠡᠶ᠂ ᠭᠦᠷ ᠢᠨᠢᠶᠠᠳᠤ ᠲᠡᠶ᠂ ᠡᠶ᠎ᠠ ᠨᠠᠢ᠌ᠷ ᠲᠡᠶ ᠨᠠᠷᠭᠢᠯᠳᠤᠨ ᠥᠶᠡᠷᠭᠡᠳᠡᠭ᠌ ᠪᠠᠢ᠌ᠭᠰᠠᠨ ᠲ᠋ᠠᠷᠠ ᠦᠶ᠎ᠡ ᠮᠢᠨᠢ ᠦᠴᠦᠭᠡᠳᠦᠷᠭᠡᠨ ᠰᠢᠭ᠌ ᠰᠠᠨᠠᠭᠳᠠᠨ᠎ᠡ᠃ ᠳᠠᠷᠠ ᠦᠶ᠎ᠡ ᠳᠤ ᠪᠢᠳᠠ ᠳᠡᠳᠡᠭᠡᠷ ᠢᠷᠠᠭᠤ ᠨᠠᠢ᠌ᠷᠠᠭᠴᠢ ᠣᠷᠠᠨ ᠵᠤᠬᠢᠶᠠᠯᠴᠢᠳ ᠰᠢᠭ ᠶᠢᠡᠷ ᠪᠢᠷ ᠠᠳᠬᠤᠵᠤ ᠵᠤᠬᠢᠶᠠᠨ ᠪᠦᠳᠦᠭᠡᠵᠤ᠂ ᠠᠯᠢ ᠨᠢᠭᠡ ᠡᠳᠤᠷ ᠣᠯᠳᠤᠢ ᠪᠦᠳᠦᠭᠡᠯ ᠶᠢᠡᠨ 《ᠭᠢᠩᠭ᠋ᠠᠨ ᠤ ᠡᠳᠤᠷ ᠤᠨ ᠰᠤᠨᠢᠨ》 ᠳ᠋ᠤ ᠳᠡᠪᠰᠢᠭᠦᠯᠵᠤ᠂ ᠢᠳᠡᠯᠢᠭ᠌ ᠭᠤᠴᠤ ᠳᠤᠭᠤᠯᠭᠠᠨ ᠪᠠᠷ ᠪᠣᠯᠵᠤ ᠭᠡᠪᠯᠡᠭ᠍ᠳᠡᠭᠦ ᠶᠢ ᠭᠤᠷᠢᠳᠠᠨ ᠭᠦᠰᠡᠵᠤ᠂ ᠰᠠᠨᠠᠭᠠᠰᠢᠷᠠᠨ ᠡᠷᠡᠮᠡᠯᠵᠡᠳᠡᠭ᠌ ᠨᠢ ᠭᠡᠳᠥᠢᠪᠠᠷ ᠣᠬᠠᠭᠠᠨ ᠭᠦᠢᠴᠡᠭᠡ ᠦᠭᠡᠶ ᠭᠡᠨᠡᠨ ᠪᠣᠳᠤᠯᠭ᠎ᠠ᠂ ᠳᠤᠮᠤᠭ᠎ᠠ ᠣᠷᠤᠭ᠎ᠠ ᠦᠭᠡᠶ ᠪᠠᠭ᠎ᠠ ᠵᠠᠯᠠᠭᠤ ᠶᠢᠨ ᠦᠶ᠎ᠡ ᠪᠠᠢ᠌ᠭᠰᠠᠨ ᠪᠣᠯᠪᠠᠴᠤ ᠦᠨᠦ ᠡᠷᠭᠢᠴᠡᠭᠦᠯᠭᠦ ᠳᠤ ᠬᠠᠷᠢᠨ ᠪᠠᠯ ᠰᠢᠭᠢᠷ ᠰᠢᠭ᠌ ᠠᠮᠳᠠᠷᠬᠠᠭ ᠢᠳᠡᠯᠢᠭ᠌᠂ ᠪᠣᠷᠠᠮ ᠪᠣᠤᠪᠣ ᠰᠢᠭ ᠥᠶᠦᠭ᠌ ᠭᠦᠴᠦᠯᠢᠭ᠌ ᠰᠠᠨᠠᠭᠳᠠᠭᠤᠯᠤᠨ᠎ᠠ ᠪᠢᠯᠠ ︕ 《ᠭᠢᠩᠭ᠋ᠠᠨ ᠤ ᠡᠳᠤᠷ ᠤᠨ ᠰᠤᠨᠢᠨ》 ᠲᠡᠶ ᠨᠥᠭᠦᠷᠯᠡᠵᠤ ᠶᠠᠪᠣᠭᠰᠠᠨ ᠳᠡᠳᠡᠭᠡᠷ ᠡᠳᠤᠷ ᠬᠤᠨᠤᠭ ᠤᠳ ᠳᠤᠷᠠᠰᠤᠯ ᠳᠤ ᠮᠢᠨᠢ ᠮᠥᠩᠭᠡ ᠵᠠᠢ ᠡᠵᠡᠯᠡᠵᠤ᠂ ᠮᠦᠷᠦᠭᠡᠳᠦᠯ ᠳᠤ ᠮᠢᠨᠢ ᠦᠨᠢ ᠪᠠᠢ᠌ᠷᠢ ᠬᠠᠳᠠᠭᠠᠯᠠᠭᠰᠠᠭᠠᠷ ᠢᠷᠡᠭ᠍ᠰᠡᠨ ᠪᠦᠭᠡᠳ ᠦᠷᠤ ᠵᠢᠷᠦᠭᠡ ᠶᠢ ᠮᠢᠨᠢ ᠳᠤᠭᠳᠤᠯᠤᠭᠤᠯᠵᠤ᠂ ᠰᠢᠯᠦᠭ᠌ ᠵᠤᠬᠢᠶᠠᠯ ᠤᠨ ᠣᠷᠠᠨ ᠭᠠᠢ᠌ᠬᠠᠮᠰᠢᠭ ᠲᠤ ᠰᠢᠳᠦᠭᠦᠯᠵᠤ᠂ ᠣᠷᠠᠨ ᠵᠤᠬᠢᠶᠠᠯ ᠤᠨ ᠰᠥᠰᠦᠭ᠌ ᠪᠢᠰᠢᠷᠠᠯ ᠢ ᠮᠢᠨᠢ ᠨᠠᠩ ᠶᠡᠭᠡ ᠪᠣᠯᠭᠠᠨ ᠨᠡᠮᠡᠭ᠍ᠳᠡᠭᠦᠯᠦᠭ᠍ᠰᠡᠨ ᠶᠤᠮ᠃
ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠯᠭ᠎ᠠ ᠶᠢᠨ ᠠᠮᠢᠳᠤᠷᠠᠯ ᠭᠡᠳᠥᠢᠪᠠᠷ ᠭᠦᠴᠢᠷ ᠳᠦᠪᠠᠭ᠌ ᠲᠡᠶ ᠶᠠᠭᠠᠷᠠᠤ ᠪᠠᠢ᠌ᠭᠰᠠᠨ ᠪᠣᠯᠪᠠᠴᠤ ᠬᠠᠮᠳᠤ ᠰᠤᠷᠤᠭᠴᠢ ᠭ᠍᠊·ᠠᠯᠳᠠᠠᠭᠠᠳᠠᠰᠤ᠂ ᠪᠠᠢ ᠠᠮᠤᠭᠤᠯᠠᠩ ᠨᠡᠷ ᠵᠤᠬᠢᠶᠠᠯᠴᠢ ᠪᠣᠯᠬᠤ ᠭᠦᠰᠡᠯ ᠶᠢᠡᠨ ᠪᠠᠶᠡᠯᠡᠭᠦᠯᠭᠦ ᠪᠠᠷ ᠦᠪᠡᠷ ᠤᠨ ᠣᠤᠭᠠᠨ ᠪᠦᠳᠦᠭᠡᠯ ᠶᠢᠡᠨ 《ᠭᠢᠩᠭ᠋ᠠᠨ ᠤ ᠡᠳᠤᠷ ᠤᠨ ᠰᠤᠨᠢᠨ》 ᠳ᠋ᠤ ᠬᠣᠢ᠌ᠨ᠎ᠠ ᠬᠣᠢ᠌ᠨ᠎ᠠ ᠡᠴᠡ ᠪᠠᠨ ᠨᠡᠢ᠌ᠳᠡᠯᠡᠭᠦᠯᠵᠤ᠂ ᠭᠢᠴᠢᠶᠠᠯ ᠤᠨ ᠪᠠᠭᠰᠢ ᠶᠢᠨ ᠮᠠᠭᠳᠠᠭᠠᠯ ᠰᠠᠢ᠌ᠰᠢᠶᠠᠯ᠂ ᠬᠠᠮᠳᠤ ᠰᠤᠷᠤᠭᠴᠢᠳ ᠤᠨ ᠶᠢᠡᠨ ᠪᠢᠰᠢᠷᠠᠯ ᠭᠦᠡᠳᠦᠳᠭᠡᠯ ᠢ ᠭᠦᠷᠳᠡᠵᠤ ᠶᠠᠪᠣᠬᠤ ᠪᠣᠯᠤᠭᠰᠠᠨ ᠨᠢ ᠨᠠᠳᠠ ᠳᠤ ᠭᠦᠴᠦᠳᠡᠢ ᠳᠤᠩᠰᠤᠯᠤᠯᠳᠠ ᠪᠣᠯᠵᠤ᠂ ᠪᠢ ᠴᠤ ᠦᠪᠡᠷ ᠤᠨ ᠣᠢ᠌ᠭ᠎ᠠ ᠦᠭᠡᠶ ᠣᠷᠤᠯᠳᠤᠯᠭ᠎ᠠ᠂ ᠠᠯᠭᠠᠰᠠᠯ ᠦᠭᠡᠶ ᠴᠢᠷᠮᠠᠢ᠌ᠯᠭ᠎ᠠ ᠵᠢᠴᠢ ᠪᠠᠭᠰᠢ ᠶᠢᠨ ᠬᠠᠯᠠᠰᠢᠷᠠᠯ ᠦᠭᠡᠶ ᠵᠢᠯᠤᠭᠤᠳᠤᠯᠭ᠎ᠠ᠂ ᠬᠠᠮᠳᠤ ᠨᠥᠭᠦᠤᠨ ᠤᠨ ᠶᠢᠡᠨ ᠬᠠᠯᠠᠮᠵᠢᠯᠠᠯ ᠵᠤᠷᠢᠭ ᠵᠢᠭᠤᠯᠭ᠎ᠠ ᠳᠤᠤᠷ᠎ᠠ ᠦᠨᠳᠦᠷ ᠳᠤᠮᠳᠠᠳᠤ ᠶᠢᠨ ᠬᠤᠶᠠᠳᠤᠭᠠᠷ ᠣᠨ ᠳᠤ ᠰᠤᠷᠤᠯᠴᠠᠵᠤ ᠪᠠᠢ᠌ᠬᠤ ᠳᠠᠭᠠᠨ 《ᠴᠢ ᠪᠢᠳᠠᠨ ᠤ ᠵᠢᠷᠭᠠᠯ》 ᠭᠡᠭᠦ ᠣᠤᠭᠠᠨ ᠪᠦᠳᠦᠭᠡᠯ ᠶᠢᠡᠨ 《ᠭᠢᠩᠭ᠋ᠠᠨ ᠤ ᠡᠳᠤᠷ ᠤᠨ ᠰᠤᠨᠢᠨ》 ᠳ᠋ᠤ ᠨᠡᠢ᠌ᠳᠡᠯᠡᠭᠦᠯᠵᠤ᠂ ᠦᠪᠡᠷ ᠤᠨ ᠵᠤᠬᠢᠶᠠᠯ ᠤᠨ ᠶᠢᠡᠨ ᠳᠤᠭᠤᠯᠭᠠᠨ ᠪᠠᠷ ᠶᠢᠡᠷ ᠭᠡᠪᠯᠡᠭ᠍ᠳᠡᠭᠦ ᠠᠩᠬᠠᠨ ᠤ ᠬᠠᠨᠤᠮᠵᠢ ᠶᠢ ᠳᠠᠭᠠᠳᠠᠢ᠌ᠬᠠᠨ ᠡᠳ᠋ᠯᠠᠵᠤ ᠶᠠᠪᠣᠭᠰᠠᠨ ᠪᠢᠯᠠ ︕ ᠠᠵᠢᠯ ᠤᠨ ᠪᠠᠢ᠌ᠷᠢᠨ ᠳᠤ ᠭᠠᠷᠤᠭᠰᠠᠨ ᠤ ᠰᠡᠭᠦᠯᠡᠷ ᠵᠢᠭᠠᠨ ᠰᠤᠷᠭᠠᠬᠤ ᠠᠵᠢᠯ ᠭᠡᠳᠦᠢ ᠶᠠᠭᠠᠷᠠᠤ ᠪᠠᠢ᠌ᠭᠰᠠᠨ ᠴᠤ ᠪᠠᠢ᠌ᠭᠤᠯᠤᠯᠭ᠎ᠠ ᠳᠤ ᠮᠢᠨᠢ ᠰᠢᠤᠳᠠᠠᠴᠢ 《ᠭᠢᠩᠭ᠋ᠠᠨ ᠤ ᠡᠳᠤᠷ ᠤᠨ ᠰᠤᠨᠢᠨ》 ᠊ᠢ ᠭᠦᠷᠭᠡᠵᠤ ᠢᠷᠡᠭᠦ ᠪᠦᠷᠢ ᠬᠠᠮᠤᠭ ᠤᠨ ᠳᠦᠷᠦᠭᠦᠨ ᠳᠤ ᠳᠤᠰᠤᠨ ᠠᠪᠴᠤ ᠳᠠᠪᠠᠳᠠᠢ᠌ᠬᠠᠨ ᠰᠤᠨᠢᠷᠬᠠᠵᠤ᠂ ᠳᠠᠭᠠᠳᠠᠢ᠌ᠬᠠᠨ ᠣᠩᠰᠢᠵᠤ᠂ ᠠᠵᠢᠯ ᠤᠨ ᠶᠢᠡᠨ ᠶᠠᠳᠠᠷᠠᠭ᠎ᠠ ᠶᠢ ᠳᠠᠢ᠌ᠯᠵᠤ᠂ ᠵᠥᠳᠡᠷᠡᠭᠡ ᠶᠢ ᠨᠢ ᠠᠯᠳᠠᠷᠭᠠᠵᠤ᠂ 《ᠭᠢᠩᠭ᠋ᠠᠨ ᠤ ᠡᠳᠤᠷ ᠤᠨ ᠰᠤᠨᠢᠨ》 ᠮᠢᠨᠢ ᠠᠵᠢᠯ ᠤᠨ ᠬᠠᠨᠢ᠂ ᠠᠮᠢᠳᠤᠷᠠᠯ ᠤᠨ ᠠᠠᠳᠠ ᠪᠣᠯᠵᠤ ᠪᠠᠢ᠌ᠭᠰᠠᠨ ᠶᠤᠮ᠃ ᠭᠡᠳᠥᠢᠪᠠᠷ 《ᠭᠢᠩᠭ᠋ᠠᠨ ᠤ ᠡᠳᠤᠷ ᠤᠨ ᠰᠤᠨᠢᠨ》 ᠣᠶᠤᠨ ᠤ ᠠᠮᠢᠳᠤᠷᠠᠯ ᠤᠨ ᠨᠢᠭᠡᠨ ᠪᠠᠶᠠᠯᠢᠭ ᠠᠭᠤᠯᠭ᠎ᠠ ᠪᠣᠯᠵᠤ ᠪᠠᠢ᠌ᠭᠰᠠᠨ ᠪᠣᠯᠪᠠᠴᠤ ᠭᠦᠮᠤᠨ ᠤ ᠠᠮᠢᠳᠤᠷᠠᠯ ᠳᠤ ᠮᠢᠨᠢ ᠶᠠᠭᠤ ᠨᠢᠭᠡ ᠳᠤᠳᠠᠭᠳᠠᠭᠠᠤᠨ ᠪᠠᠢ᠌ᠭ᠎ᠠ ᠰᠢᠭ ᠰᠠᠨᠠᠭᠳᠠᠭᠤᠯᠤᠭᠠᠤᠨ ᠪᠠᠢ᠌ᠳᠠᠭ ᠢ ᠶᠠᠭᠠᠭᠢᠨᠠᠮ ᠪᠢᠯᠠ ︖ ᠭᠦᠮᠤᠨ ᠤ ᠠᠮᠢᠳᠤᠷᠠᠯ ᠤᠨ ᠡᠨᠡᠭᠦ ᠬᠤᠭᠤᠰᠤᠨ ᠢ ᠨᠥᠭᠦᠪᠦᠷᠢᠯᠡᠵᠤ᠂ ᠣᠷᠠᠨ ᠵᠤᠬᠢᠶᠠᠯ ᠤᠨ ᠣᠷᠤᠯᠳᠤᠯᠭ᠎ᠠ ᠪᠠᠨ ᠵᠠᠯᠭᠠᠵᠤ ᠪᠢ ᠠᠵᠢᠯ ᠤᠨ ᠰᠡᠯᠡᠭᠦᠤ ᠪᠠᠷ ᠶᠢᠡᠨ ᠮᠡᠳᠡᠭᠡ ᠴᠢᠮᠡᠭᠡᠯᠡᠯ ᠪᠢᠴᠢᠵᠤ 《ᠭᠢᠩᠭ᠋ᠠᠨ ᠤ ᠡᠳᠤᠷ ᠤᠨ ᠰᠤᠨᠢᠨ》 ᠳ᠋ᠤ ᠨᠡᠢ᠌ᠳᠡᠯᠡᠭᠦᠯᠵᠤ ᠪᠠᠢ᠌ᠭᠰᠠᠨ ᠶᠢᠠᠨ ᠰᠡᠭᠦᠯᠡᠷ ᠨᠢ 《ᠡᠭᠡ ᠶᠢᠨ ᠪᠦᠪᠠᠢ ᠲᠡᠶ ᠨᠤᠳᠤᠭ》᠂ 《ᠰᠠᠢ᠌ᠬᠠᠨ ᠳ᠋ᠠ》ᠵᠡᠷᠭᠡ ᠣᠯᠳᠤᠢ ᠰᠢᠯᠦᠭ᠌ ᠵᠤᠬᠢᠶᠠᠯ ᠶᠢᠡᠨ 《ᠳᠤᠭᠤᠷ ᠤᠨ ᠭᠤᠤᠯ》 ᠳᠤᠰᠬᠠᠢ ᠨᠢᠭᠤᠷ ᠲᠤ ᠨᠡᠢ᠌ᠳᠡᠯᠡᠭᠦᠯᠤᠨ ᠶᠠᠪᠣᠬᠤ ᠪᠣᠯᠤᠭᠰᠠᠨ ᠶᠤᠮ᠃ ᠳᠡᠭᠡᠭᠦ ᠪᠠᠷ ᠶᠢᠡᠨ ᠪᠢ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶᠠᠨ ᠳᠤ 《ᠮᠤᠩᠭ᠋ᠤᠯ ᠭᠡᠯᠡ ᠪᠢᠴᠢᠭ᠌ ᠰᠤᠷᠴᠤ ᠭᠡᠷᠡᠭᠯᠡᠭ᠍ᠰᠡᠨ ᠳᠡᠷᠢᠭᠦᠨ ᠤ ᠬᠤᠪᠢ ᠭᠦᠮᠤᠨ》 ᠶ᠋ᠢᠡᠷ ᠭᠦᠭᠢᠭᠦᠯᠤᠨ ᠰᠠᠢ᠌ᠰᠢᠶᠠᠭᠳᠠᠵᠤ ᠢᠷᠠᠭᠤ ᠠᠯᠳᠠᠷ ᠥᠩᠭᠡ ᠭᠡᠷᠡᠯ ᠢ ᠭᠦᠷᠳᠡᠵᠤ ᠶᠠᠪᠣᠵᠤ ᠪᠠᠢ᠌ᠭᠰᠠᠨ ᠮᠢᠨᠢ ᠠᠮᠢᠳᠤᠷᠠᠯ ᠤᠨ ᠵᠠᠮ ᠳ᠋ᠠᠭᠢ ᠡᠷᠭᠢᠴᠡᠭᠦᠯᠦᠯ ᠤᠨ ᠰᠠᠢ᠌ᠬᠠᠨ ᠮᠦᠴᠡ᠂ ᠳᠤᠷᠠᠳᠬᠠᠯ ᠤᠨ ᠰᠠᠢ᠌ᠬᠠᠨ ᠬᠤᠷᠤᠮ ᠪᠣᠯᠵᠤ ᠣᠶᠤᠨ ᠳᠠᠷᠢᠭᠢᠨ ᠳᠤ ᠬᠠᠳᠠᠭᠠᠯᠠᠭᠳᠠᠨ ᠰᠡᠢ᠌ᠯᠦᠭ᠍ᠳᠡᠵᠡᠢ᠃ 《ᠭᠢᠩᠭ᠋ᠠᠨ ᠤ ᠡᠳᠤᠷ ᠤᠨ ᠰᠤᠨᠢᠨ》 ᠳ᠋ᠤ ᠨᠡᠢ᠌ᠳᠡᠯᠡᠭ᠍ᠳᠡᠭ᠍ᠰᠡᠨ 《ᠰᠢᠯᠢᠳᠡᠭ᠌ ᠰᠤᠷᠤᠭᠴᠢ ᠪᠠ ᠬᠤᠴᠤᠷᠤᠩᠭ᠋ᠤᠢ ᠰᠤᠷᠤᠭᠴᠢ ᠶᠢᠨ ᠬᠠᠷᠢᠴᠠᠭ᠎ᠠ ᠶᠢ ᠭᠡᠷᠭᠢᠨ ᠵᠦᠪ ᠶᠢᠡᠷ ᠰᠢ᠌ᠳᠪᠦᠷᠢᠯᠡᠭᠦ ᠳᠤᠬᠠᠢ》 ᠭᠡᠭᠦ ᠥᠭᠦᠯᠡᠯ ᠶᠢᠡᠷ ᠶᠢᠡᠨ 2000 ᠣᠨ ᠳᠤ ᠣᠯᠤᠰ ᠤᠨ ᠳᠤᠮᠳᠠᠳᠤ ᠰᠤᠷᠭᠠᠭᠤᠯᠢ ᠶᠢᠨ ᠨᠢᠭᠡᠳᠦᠭᠡᠷ ᠳᠠᠰ ᠤᠨ ᠪᠠᠭᠰᠢ ᠶᠢᠨ ᠴᠤᠯᠠ ᠶᠢ ᠣᠮᠤᠭ ᠳᠡᠭᠦᠯᠳᠡᠷ ᠬᠠᠮᠠᠭᠠᠯᠠᠵᠤ ᠶᠠᠪᠣᠭᠰᠠᠨ ᠨᠢ ᠬᠠᠮᠳᠤ ᠠᠵᠢᠯᠯᠠᠭᠰᠠᠤᠨ ᠤᠨ ᠮᠢᠨᠢ ᠠᠮᠠᠨ ᠤ ᠵᠤᠭᠤᠭ᠂ ᠶᠠᠷᠢᠶᠠᠨ ᠤ ᠭᠤᠭᠴᠤᠭ᠎ᠠ ᠪᠣᠯᠵᠤ ᠪᠢᠰᠢᠷᠡᠭ᠍ᠳᠡᠵᠤ ᠪᠠᠢ᠌ᠭᠰᠠᠨ ᠮᠢᠨᠢ᠂ ᠦᠨᠦ ᠨᠢᠳᠤᠨ ᠳᠤ ᠮᠢᠨᠢ ᠺᠢᠨᠤ᠋ ᠵᠢᠷᠤᠭ ᠰᠢᠭ ᠳᠤᠳᠤ ᠢᠯᠡᠷᠡᠭᠡᠳ ᠪᠠᠢ᠌ᠨ᠎ᠠ ᠰᠢᠤ ᠳ᠋ᠠ ︕
ᠮᠤᠩᠭ᠋ᠤᠯ ᠰᠤᠨᠢᠨ ᠶᠢᠡᠨ ᠳᠡᠭᠡᠵᠢᠯᠡᠵᠤ᠂ ᠮᠤᠩᠭ᠋ᠤᠯ ᠰᠤᠨᠢᠨ ᠶᠢᠡᠨ ᠰᠤᠨᠢᠷᠬᠠᠵᠤ᠂ ᠮᠤᠩᠭ᠋ᠤᠯ ᠰᠤᠨᠢᠨ ᠡᠴᠡ ᠪᠠᠨ ᠰᠤᠷᠠᠭ ᠴᠢᠮᠡᠭᠡ ᠳᠤᠭᠤᠯᠵᠤ᠂ ᠮᠤᠩᠭ᠋ᠤᠯ ᠰᠤᠨᠢᠨ ᠡᠴᠡ ᠪᠠᠨ ᠣᠬᠠᠭᠠᠨ ᠤ ᠴᠢᠮᠡᠭ᠌ ᠭᠦᠷᠳᠡᠭᠦ ᠪᠠᠷ ᠮᠠᠨ ᠤ ᠰᠤᠷᠭᠠᠭᠤᠯᠢ ᠵᠢᠯ ᠳᠠᠷᠠᠭᠠᠯᠠᠨ 《ᠭᠢᠩᠭ᠋ᠠᠨ ᠤ ᠡᠳᠤᠷ ᠤᠨ ᠰᠤᠨᠢᠨ》 ᠶ᠋ᠢᠡᠨ ᠠᠩᠭᠢ ᠪᠣᠯᠤᠨ ᠠᠵᠢᠯᠯᠠᠬᠤ ᠭᠡᠷ ᠤᠨ ᠡᠯ᠎ᠡ ᠳᠤᠭᠣᠢ᠌ᠯᠠᠩ ᠳᠠᠰᠤᠭ ᠪᠦᠷᠢ ᠳᠤ ᠪᠦᠷ 1 ᠬᠤᠪᠢ ᠵᠠᠭᠢᠶᠠᠯᠠᠨ ᠥᠭ᠍ᠴᠤ᠂ ᠪᠠᠭᠰᠢ ᠰᠤᠷᠤᠭᠴᠢᠳ ᠲᠠᠭᠠᠨ ᠣᠶᠤᠨ ᠤ ᠳᠡᠵᠢᠭᠡᠯ᠂ ᠣᠬᠠᠭᠠᠨ ᠤ ᠰᠢᠮ᠎ᠠ ᠪᠣᠯᠭᠠᠨ ᠰᠤᠨᠢᠷᠬᠠᠭᠤᠯᠵᠤ ᠪᠠᠢ᠌ᠨ᠎ᠠ᠃
ᠳᠠᠪᠢ ᠶᠢᠨ ᠳᠠᠪᠠᠭ᠎ᠠ ᠶᠢ ᠭᠦᠭᠡᠭᠡᠵᠤ ᠶᠠᠪᠣᠭ᠎ᠠ ᠪᠢ ᠠᠵᠢᠯ ᠤᠨ ᠴᠢᠯᠦᠭᠡ ᠪᠠᠷ ᠶᠢᠡᠨ ᠣᠷᠠᠨ ᠵᠤᠬᠢᠶᠠᠯ ᠳᠤ ᠨᠠᠩ ᠰᠢᠨᠤᠭ ᠪᠣᠯᠵᠤ᠂ 《ᠳᠤᠷᠠᠰᠤᠯ ᠳᠤ ᠮᠥᠩᠭᠡᠷᠡᠭᠦ ᠬᠠᠢ᠌ᠷ᠎ᠠ》᠂ 《ᠠᠪᠣ ᠪᠠᠨ ᠮᠦᠷᠦᠭᠡᠳᠭᠦ ᠨᠢ》 ᠵᠡᠷᠭᠡ ᠰᠢᠯᠦᠭ᠌ ᠨᠠᠢ᠌ᠷᠠᠭᠤᠯᠤᠯ ᠶᠢᠡᠨ 《ᠭᠢᠩᠭ᠋ᠠᠨ ᠤ ᠡᠳᠤᠷ ᠤᠨ ᠰᠤᠨᠢᠨ》 ᠳ᠋ᠤ ᠨᠡᠢ᠌ᠳᠡᠯᠡᠭᠦᠯᠵᠤ ᠨᠠᠩ ᠳᠤᠳᠤᠨᠤ᠂ ᠨᠠᠩ ᠨᠠᠢ᠌ᠷᠰᠠᠭ ᠶᠢᠡᠷ 《ᠭᠢᠩᠭ᠋ᠠᠨ ᠤ ᠡᠳᠤᠷ ᠤᠨ ᠰᠤᠨᠢᠨ》 ᠲᠡᠶ ᠪᠠᠨ ᠨᠥᠭᠦᠷᠯᠡᠵᠤ᠂ ᠠᠮᠢᠳᠤᠷᠠᠯ ᠤᠨ ᠶᠢᠡᠨ ᠪᠠᠶᠠᠷ ᠭᠦᠷ᠂ ᠵᠤᠭ᠎ᠠ ᠴᠡᠩᠭᠡᠯ ᠪᠣᠯᠭᠠᠵᠤ ᠶᠠᠪᠣᠨ᠎ᠠ᠃
《ᠭᠢᠩᠭ᠋ᠠᠨ ᠤ ᠡᠳᠤᠷ ᠤᠨ ᠰᠤᠨᠢᠨ》 ᠮᠠᠨᠢ ᠮᠤᠩᠭ᠋ᠤᠯ ᠣᠷᠠᠨ ᠵᠤᠬᠢᠶᠠᠯ ᠤᠨ ᠭᠦᠷᠦᠰᠤᠨ ᠳᠤ ᠨᠠᠩ ᠢᠳᠡᠷᠭᠡᠭ᠌ ᠦᠨᠳᠦᠰᠦᠯᠠᠵᠤ᠂ ᠮᠤᠩᠭ᠋ᠤᠯ ᠰᠤᠶᠤᠯ ᠤᠨ ᠶᠢᠡᠨ ᠰᠢᠮ᠎ᠠ ᠬᠤᠷ᠎ᠠ ᠪᠠᠷ ᠨᠠᠩ ᠳᠤᠷᠪᠢᠯᠢᠭ ᠳᠤᠮᠤᠵᠢᠨ ᠪᠣᠵᠠᠭᠠᠢ᠌ᠷᠠᠬᠤ ᠪᠣᠯᠳᠤᠭᠠᠢ ︕
2011 ᠣᠨ ᠤ 3 ᠰᠠᠷᠠᠢ᠌ᠨ 16 ᠊ᠨᠡ᠃
ᠵᠤᠬᠢᠶᠠᠭᠴᠢ ᠶᠢᠨ ᠬᠠᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ
ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6189
ᠴᠠᠭ᠄ 2011 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ