☆ ᠪᠠ᠊·ᠣᠳᠬᠤᠠᠪᠠᠭᠠᠳᠤᠷ
ᠠᠪᠤᠨ ᠡᠵᠢᠨ ᠬᠤᠶᠠᠷ
ᠠᠯᠳᠠᠨ ᠣᠪᠣᠭᠠᠨ ᠤ ᠰᠢᠳᠦᠭᠡᠨ ᠰᠢᠭ᠌
ᠠᠪᠣ ᠪᠠᠨ ᠪᠢ ᠪᠢᠴᠢᠶ᠎ᠠ︕
ᠠᠯᠳᠠᠢ ᠠᠭᠤᠯᠠᠨ ᠰᠢᠭ᠌ ᠰᠦᠷᠯᠢᠭ᠌
ᠳᠦᠷᠢ ᠶᠢ ᠴᠢᠨᠢ ᠪᠢ ᠴᠤ ᠪᠢᠴᠢᠨ᠎ᠠ ︕
ᠠᠷᠤ ᠳᠠᠯ᠎ᠠ ᠶᠢᠨ ᠡᠩᠭᠡᠷ ᠰᠢᠭ᠌
ᠡᠵᠢ ᠪᠠᠨ ᠪᠢ ᠴᠤ ᠪᠢᠴᠢᠶ᠎ᠠ︕
ᠠᠷᠢᠭᠤᠨ ᠮᠦᠷᠠᠨ ᠤ ᠣᠷᠤᠰᠬᠠᠯ ᠰᠢᠭ
ᠰᠡᠳᠭᠢᠯ ᠢ ᠴᠢᠨᠢ ᠪᠢ ᠴᠤ ᠪᠢᠴᠢᠨ᠎ᠠ︕
ᠭᠦᠮᠤᠨ ᠤ ᠠᠮᠢᠳᠤᠷᠠᠯ ᠤᠨ
ᠳᠦᠷᠦᠭᠡ ᠶᠢ ᠢᠰᠭᠦᠯᠵᠤ
ᠬᠤᠷᠸ᠎ᠠ ᠶᠢᠨ ᠠᠶᠠᠨ ᠳ᠋ᠤ
ᠳᠠᠮᠢᠷ ᠳᠡᠵᠢᠭᠡᠭ᠍ᠰᠡᠨ
ᠬᠠᠮᠢᠭ᠎ᠠ ᠶᠠᠪᠣᠭᠰᠠᠨ ᠴᠤ
ᠬᠠᠢ᠌ᠷ᠎ᠠ ᠪᠠᠷ ᠳᠤᠳᠠᠭ᠎ᠠ ᠥᠭᠡᠢ
ᠬᠠᠮᠠᠷᠳᠠᠵᠤ ᠣᠨᠠᠭᠰᠠᠨ ᠴᠤ
ᠳᠦᠰᠢᠭ᠌ ᠶᠢᠡᠷ ᠬᠤᠮᠰᠠᠳᠠᠭᠠ ᠥᠭᠡᠢ
ᠬᠠᠨ ᠪᠠᠢ᠌ᠭᠠᠯᠢ ᠶᠢᠨ
ᠬᠠᠮᠤᠭ ᠠᠵᠠ ᠶᠢ ᠪᠢ ᠠᠳᠬᠤᠬᠤ ᠳᠠᠭᠠᠨ
ᠠᠪᠣ ᠳᠠᠭᠠᠨ ᠪᠢ ᠣᠮᠤᠭ ᠨᠢ ᠶᠤᠮ︕
ᠡᠵᠢ ᠳᠡᠭᠡᠨ ᠪᠢ ᠳᠠᠶᠠᠭ ᠨᠢ ᠶᠤᠮ︕
ᠠᠳᠤᠭᠤᠨ ᠢᠠᠴᠠᠭᠠ ᠪᠠᠷ
ᠳᠠᠭᠤᠤ ᠪᠠᠨ ᠢᠰᠭᠡᠷᠴᠤ
ᠠᠷᠤ ᠭᠡᠭᠡᠷ᠎ᠡ ᠪᠠᠷ
ᠳᠡᠪᠢᠰᠭᠡᠷ ᠶᠢᠡᠨ ᠭᠢᠵᠤ
ᠠᠷᠢᠭᠤᠨ ᠮᠦᠷᠠᠨ ᠵᠢᠠᠷ
ᠣᠮᠳᠠ ᠪᠠᠨ ᠳᠠᠷᠤᠭᠰᠠᠨ
ᠰᠢᠯᠢ ᠶᠢᠨ ᠰᠠᠢ᠌ᠨ ᠡᠷ᠎ᠡ
ᠠᠪᠣ ᠭᠡᠳᠡᠭ᠌ ᠳᠡᠯᠡᠭᠡᠢ︕
ᠬᠤᠨᠢᠨ ᠤ ᠮᠠᠢ᠌ᠯᠠᠭᠠ ᠪᠠᠷ
ᠭᠦᠤ ᠪᠠᠨ ᠰᠠᠭᠠᠳᠠᠭᠤᠯᠵᠤ
ᠬᠤᠷᠮᠤᠢ ᠶᠢᠨ ᠶᠢᠡᠨ ᠳᠤᠯᠠᠭᠠᠨ ᠳ᠋ᠤ
ᠦᠷ᠎ᠡ ᠪᠠᠨ ᠪᠦᠪᠠᠢ᠌ᠯᠡᠭ᠍ᠰᠡᠨ
ᠭᠡᠨ ᠳᠤ ᠴᠤ ᠣᠯᠳᠠᠭ᠎ᠠ ᠥᠭᠡᠢ
ᠥᠭ᠍ᠭᠢᠶᠡᠮᠦᠷ ᠬᠠᠢ᠌ᠷ᠎ᠠ ᠪᠠᠷ
ᠦᠷ᠎ᠡ ᠪᠠᠨ ᠣᠭᠵᠢᠵᠤ
ᠲᠦᠯᠵᠢᠵᠤ ᠥᠰᠭᠡᠳᠡᠭ᠌
ᠡᠵᠢ ᠭᠦᠮᠤᠨ ᠢ
ᠬᠤᠷᠸ᠎ᠠ ᠭᠡᠳᠡᠭ᠌ ᠡ︕
ᠠᠪᠣ ᠡᠵᠢ ᠵᠢᠨ
ᠠᠷᠢᠭᠤᠨ ᠰᠦᠨᠠᠰᠤᠨ ᠳᠤ ᠴᠤ
ᠠᠴᠢᠷ ᠲᠠᠭᠠᠨ ᠥᠯᠡᠳᠡᠭᠡᠭ᠍ᠰᠡᠨ
ᠬᠠᠢ᠌ᠷ᠎ᠠ ᠪᠠᠢ᠌ᠳᠠᠭ︕
ᠠᠳᠠᠯ ᠠᠬᠤᠢ ᠶᠢᠨ
ᠣᠷᠴᠢᠨ ᠵᠠᠢ ᠳᠤ ᠴᠤ
ᠠᠵᠠ ᠶᠢᠨ ᠭᠡᠢ᠌ᠮᠦᠷᠢ
ᠳᠡᠭ᠍ᠷᠢ ᠢᠪᠠᠭᠡᠳᠡᠭ᠌︕
ᠪᠣᠷᠬᠠᠨ ᠤ ᠳᠡᠭᠡᠳᠤ
ᠠᠪᠣ ᠡᠵᠢ ᠬᠤᠶᠠᠷ
ᠪᠠᠢ᠌ᠳᠠᠭ ᠰᠢᠳᠦᠭᠡᠨ ᠤ
ᠳᠡᠭᠡᠵᠢ ᠨᠢ ᠶᠤᠮ ᠰᠢᠤ︕
ᠪᠠᠢ᠌ᠭᠠᠯᠢ ᠣᠷᠴᠢᠯᠠᠩ
ᠪᠢᠳᠠᠨ ᠤ ᠳᠡᠯᠡᠭᠡᠢ ᠶᠢᠨ
ᠪᠣᠰᠴᠤ ᠳᠠᠯᠠᠯᠤᠭᠰᠠᠨ
ᠰᠦᠯᠳᠡ ᠨᠢ ᠶᠤᠮ ᠰᠢᠤ︕
ᠦᠨᠳᠦᠰᠦ ᠲᠡᠶ ᠮᠤᠳᠤ
ᠠᠪᠤᠨ ᠡᠵᠢᠨ ᠬᠤᠶᠠᠷ ᠭᠡᠳᠡᠭ᠌ ᠢ
ᠭᠦᠤ ᠳᠤ ᠪᠠᠨ ᠪᠢ ᠳᠠᠨᠢᠭᠤᠯᠤᠨ᠎ᠠ︕
ᠦᠶ᠎ᠡ ᠶᠢᠨ ᠦᠶ᠎ᠡ
ᠦᠷ᠎ᠡ ᠶᠢᠨ ᠦᠷ᠎ᠡ ᠳᠡᠭᠡᠨ
ᠣᠳᠤᠮ ᠢ ᠨᠢ ᠪᠢ ᠥᠮᠴᠢᠯᠡᠭᠦᠯᠦᠨ᠎ᠡ︕
2010 .12.10
ᠵᠤᠬᠢᠶᠠᠭᠴᠢ ᠶᠢᠨ ᠬᠠᠶᠢᠭ ᠄ ᠣᠷᠳᠤᠰ ᠤᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2969
ᠴᠠᠭ᠄ 2010 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ