ᠨᠡᠪᠲᠡᠷᠡᠨ ᠤᠷᠤᠬᠤ
ᠠᠷᠤ ᠶᠢᠨ ᠬᠠᠰᠢᠶᠠᠨ ᠤ ᠵᠢᠮᠢᠰ ᠤᠨ ᠮᠤᠳᠤ

ᠦᠨᠦᠳᠤᠷ ᠨᠤᠳᠤᠭ ᠤᠨ ᠠᠪᠠᠭ᠎ᠠ ᠮᠢᠨᠢ ᠬᠤᠰᠢᠭᠤᠨ ᠲᠥᠪ ᠲᠤ ᠣᠷᠤᠵᠤ ᠢᠷᠡᠭᠦ ᠳᠡᠭᠡᠨ ᠠᠪᠣ ᠡᠵᠢ ᠶᠢᠨ ᠮᠢᠨᠢ ᠶᠠᠪᠣᠭᠤᠯᠤᠭᠰᠠᠨ ᠳᠦᠭᠦᠷᠡᠩ ᠣᠭᠤᠳᠠ ᠲᠡᠶ ᠠᠭᠠᠯᠢᠭ ᠠᠯᠢᠮ᠎ᠠ ᠶᠢ ᠳᠡᠭᠦᠵᠢᠯᠡᠵᠤ ᠠᠪᠴᠢᠷᠠᠵᠤ ᠥᠭ᠍ᠪᠡ᠃ ᠣᠯᠠᠭᠠᠨ ᠴᠠᠭᠠᠨ ᠨᠢ ᠢᠯᠭᠠᠷᠠᠭᠰᠠᠨ ᠠᠭᠠᠯᠢᠭ ᠠᠯᠢᠮ᠎ᠠ ᠶᠢ ᠣᠭᠢᠶᠠᠵᠤ ᠴᠢᠯᠡᠭᠡᠯ ᠦᠭᠡᠶ ᠭᠠᠷ ᠶᠢᠡᠷ ᠶᠢᠡᠨ ᠵᠥᠯᠭᠦᠮᠡᠭ᠍ᠴᠡ ᠠᠮᠳᠠᠯᠠᠵᠤ ᠦᠵᠡᠭᠦ ᠳᠤ ᠢᠰᠭᠦᠯᠡᠩ ᠠᠮᠳᠠ ᠨᠢ ᠳᠠᠩᠨᠠᠢ ᠳᠠᠭᠰᠢᠭᠤᠯᠵᠤ᠂ ᠰᠢᠭᠢᠷᠯᠢᠭ᠌ ᠠᠮᠳᠠ ᠨᠢ ᠰᠢᠯᠤᠰᠤ ᠶᠢ ᠭᠤᠭᠤᠵᠢᠭᠤᠯᠤᠨ᠎ᠠ᠃

ᠠᠪᠣ ᠡᠵᠢ ᠮᠢᠨᠢ ᠵᠢᠷᠠ ᠶᠢ ᠭᠠᠷᠴᠤ ᠵᠠᠵᠢᠨ ᠦᠰᠤ ᠨᠢ ᠴᠠᠢ᠌ᠵᠤ ᠪᠠᠢ᠌ᠪᠠᠴᠤ᠂ ᠬᠤᠳᠠ ᠣᠷᠤᠵᠤ ᠦᠷ᠎ᠡ ᠬᠡᠦᠬᠡᠳ ᠤᠨ ᠶᠢᠡᠨ ᠰᠠᠢ᠌ᠨ ᠢ ᠦᠵᠠᠵᠤ᠂ ᠵᠥᠭᠡᠷ ᠰᠠᠭᠤᠵᠤ ᠵᠢᠷᠭᠠᠬᠤ ᠶᠢ ᠪᠣᠳᠤᠭ᠎ᠠ ᠦᠭᠡᠶ᠂ ᠠᠮᠠᠨ ᠳᠤᠭᠠᠨ ᠳᠠᠷᠢᠶᠠᠨ ᠤ ᠪᠠᠨ ᠨᠢᠭᠡ ᠭᠡᠰᠡᠭ᠌ ᠢ ᠳᠠᠷᠢᠴᠢᠬᠠᠭᠰᠠᠨ᠂ ᠠᠷᠤ ᠬᠠᠰᠢᠶᠠᠨ ᠳᠠᠭᠠᠨ ᠬᠤᠠᠳᠤᠷ ᠮᠤᠳᠤ᠂ ᠣᠯᠢᠶᠠᠰᠤᠨ ᠮᠤᠳᠤ ᠵᠠᠢ᠌ᠯᠠᠴᠢᠬᠠᠭᠰᠠᠨ᠂ ᠡᠮᠤᠨ᠎ᠡ ᠭᠦᠷᠢᠶᠡᠨ ᠳᠡᠭᠡᠨ ᠠᠯᠮᠤᠷᠠᠤᠨ᠂ ᠠᠭᠠᠯᠢᠭ ᠠᠯᠢᠮ᠎ᠠ ᠶᠢᠨ ᠮᠤᠳᠤ ᠶᠢ ᠰᠠᠭᠤᠯᠭᠠᠴᠢᠬᠠᠭᠰᠠᠨ᠁ ᠡᠳᠦᠷᠵᠢᠨ ᠡᠨᠡ ᠭᠡᠳᠤᠨ ᠮᠤᠳᠤ ᠪᠠᠨ ᠣᠰᠤᠯᠠᠵᠤ ᠠᠷᠠᠴᠢᠯᠠᠵᠤ ᠮᠤᠩᠭ᠋ᠠᠨᠢᠨ᠎ᠠ᠁ ᠡᠨᠡᠭᠦ ᠠᠭᠠᠷ ᠳᠡᠭ᠍ᠷᠢ ᠶᠢᠨ ᠬᠤᠷ᠎ᠠ ᠣᠰᠤᠨ ᠳᠤ ᠰᠦᠷᠴᠢᠭ᠍ᠳᠡᠨ᠂ ᠠᠪᠣ ᠡᠵᠢ ᠶᠢᠨ ᠮᠢᠨᠢ ᠭᠦᠯᠦᠰᠤᠨ ᠳᠤᠰᠤᠯ ᠰᠢᠩᠭᠡᠭ᠍ᠰᠡᠨ ᠵᠢᠮᠢᠰ ᠢ ᠢᠳᠡᠭᠦ ᠵᠠᠭᠤᠷ᠎ᠠ ᠦᠪᠡᠷ ᠤᠨ ᠡᠷᠭᠡ ᠦᠭᠡᠶ ᠠᠷᠠᠤᠨ ᠤᠨ ᠳᠠᠭᠤᠤ 《ᠰᠢᠨ ᠰᠢᠶᠤᠤᠷ》 ᠊ᠤᠨ ᠥᠭᠡ ᠪᠣᠳᠤᠭᠳᠠᠨ ᠠᠮᠠᠨ ᠤ ᠠᠶ᠎ᠠ ᠪᠠᠷ ᠭᠢᠩᠰᠢᠨ ᠭᠠᠷᠤᠯ᠎ᠠ᠃

ᠬᠠᠷᠠᠯᠠᠨ ᠬᠠᠷᠠᠯᠠᠨ ᠬᠠᠷᠠᠭᠳᠠᠬᠤ ᠨᠢ ᠭᠦᠢ᠂ ᠬᠠᠰᠢᠶ᠎ᠠ ᠭᠦᠷᠢᠶᠡᠨ ᠤ ᠮᠢᠨᠢ ᠮᠤᠳᠤ ᠡ ᠭᠦ᠋

ᠬᠠᠪᠳᠠᠭᠠᠢ ᠴᠡᠭᠡᠵᠢᠨ ᠳᠤ ᠪᠣᠳᠤᠭᠳᠠᠬᠤ ᠨᠢ᠂ ᠬᠠᠢ᠌ᠷᠠᠳᠤ ᠠᠪᠣ ᠡᠵᠢ ᠮᠢᠨᠢ ᠡ ᠭᠦ᠋

ᠭᠡᠶ‍ᠦᠷᠡᠨ ᠭᠡᠶ‍ᠦᠷᠡᠨ ᠬᠠᠷᠠᠭᠳᠠᠬᠤ ᠨᠢ ᠭᠦᠢ᠂ ᠭᠡᠷ ᠭᠦᠷᠢᠶᠡᠨ ᠤ ᠮᠢᠨᠢ ᠮᠤᠳᠤ ᠡ ᠭᠦ᠋

ᠭᠡᠮᠦᠷᠡᠳᠡᠯ᠎ᠡ ᠪᠠᠨ ᠰᠠᠨᠠᠭᠳᠠᠬᠤ ᠨᠢ ᠭᠦᠢ᠂ ᠭᠡᠷ ᠨᠤᠳᠤᠭ ᠬᠤᠶᠠᠷ ᠡ ᠭᠦ᠋᠁

ᠳᠠᠭᠤᠨ ᠤ ᠠᠶ᠎ᠠ ᠵᠢᠷᠦᠭᠡᠨ ᠤ ᠣᠭ ᠡᠴᠠ ᠴᠤᠤᠷᠢᠶᠠᠯᠠᠨ ᠭᠦᠪᠦᠯᠵᠡᠭ᠍ᠰᠡᠭᠡᠷ᠂ ᠳᠤᠷᠠᠰᠤᠯ ᠮᠦᠷᠦᠭᠡᠳᠦᠯ ᠤᠨ ᠰᠢᠵᠢᠮ ᠢ ᠦᠪᠡᠷ ᠤᠨ ᠡᠷᠭᠡ ᠦᠭᠡᠶ ᠭᠡᠷ ᠨᠤᠳᠤᠭ᠂ ᠪᠠᠭ᠎ᠠ ᠶᠢᠨ ᠦᠶ᠎ᠡ ᠳᠠᠰᠢ ᠭᠦᠳᠦᠯᠦᠯ᠎ᠡ᠁

ᠮᠠᠨ ᠢ ᠪᠠᠭ᠎ᠠ ᠶᠢᠨ ᠦᠶ᠎ᠡ ᠳᠤ ᠠᠮᠢᠳᠤᠷᠠᠯ ᠭᠡᠵᠤ ᠠᠷᠠᠢ ᠴᠢᠷᠠᠢ᠂ ᠶᠠᠳᠠᠷᠠᠭᠤᠬᠠᠨ ᠡᠳᠦᠷ ᠥᠩᠭᠡᠷᠡᠭᠡᠵᠤ ᠵᠦᠳᠡᠷᠡᠭᠦᠭᠡᠨ ᠬᠤᠨᠤᠭ ᠳᠤᠭᠠᠯᠠᠵᠤ ᠪᠠᠢ᠌ᠭᠰᠠᠨ᠃ ᠪᠣᠰᠤᠳ ᠤᠨ ᠬᠡᠦᠬᠡᠳ ᠬᠤᠳᠠᠯᠳᠤᠭ᠎ᠠ ᠡᠴᠠ ᠪᠣᠤᠪᠣ ᠰᠢᠭᠢᠷ ᠠᠪᠴᠤ ᠢᠳᠡᠭᠦ ᠳᠤ ᠬᠠᠵᠠᠭᠤ ᠳᠤ ᠨᠢ ᠭᠤᠷᠢ ᠲᠡᠶ ᠨᠢᠳᠤ ᠪᠠᠷ ᠰᠢᠷᠳᠠᠨ ᠰᠢᠯᠤᠰᠤ ᠬᠤᠷᠠᠭᠤᠯᠵᠤ ᠵᠤᠭᠰᠤᠭᠰᠠᠨ ᠬᠡᠦᠬᠡᠳ ᠤᠨ ᠶᠢᠡᠨ ᠬᠤᠪ ᠢ ᠨᠢ ᠳᠠᠷᠤᠵᠤ ᠬᠤᠳᠤᠭᠤᠳᠤ ᠶᠢ ᠨᠢ ᠳᠦᠭᠦᠷᠭᠡᠭᠦ ᠪᠠᠷ ᠰᠢᠠᠳᠠᠰᠤ ᠬᠠᠳᠠᠭᠤ ᠠᠪᠣ ᠡᠵᠢ ᠮᠢᠨᠢ 《ᠵᠤᠭᠤᠰ ᠶᠢᠡᠷ ᠬᠡᠦᠬᠡᠳ ᠶᠢᠡᠨ ᠰᠠᠨᠠᠵᠤ ᠳᠡᠢ᠌ᠯᠭᠦ ᠦᠭᠡᠶ ᠴᠤ ᠵᠤᠷᠢᠭ ᠶᠢᠡᠷ ᠬᠡᠦᠬᠡᠳ ᠶᠢᠡᠨ ᠰᠠᠨᠠᠨ᠎ᠠ》 ᠭᠡᠵᠤ ᠵᠡᠭᠦᠨ ᠬᠠᠰᠢᠶᠠᠨ ᠳᠠᠭᠠᠨ ᠦᠷᠭᠡᠰᠦᠳᠤ ᠭᠡᠮᠭᠡ᠂ ᠲᠦᠪᠡᠳ ᠬᠠᠰᠢ᠁ ᠳᠠᠷᠢᠳᠠᠭ ᠪᠠᠢ᠌ᠭᠰᠠᠨ ᠶᠢᠡᠷ ᠪᠠᠷᠠᠬᠤ ᠦᠭᠡᠶ ᠠᠷᠤ ᠶᠢᠨ ᠬᠠᠰᠢᠶᠠᠨ ᠤ ᠪᠠᠨ ᠪᠠᠷᠠᠭᠤᠨ ᠭᠦᠪᠠᠭᠡ ᠪᠠᠷ ᠨᠢᠭᠡ ᠮᠦᠷ ᠭᠦᠢᠯᠡᠰᠤᠨ ᠮᠤᠳᠤ ᠳᠤᠳᠤᠷ᠎ᠠ ᠳᠠᠯ᠎ᠠ ᠪᠠᠷ ᠨᠢ ᠳᠦᠷᠪᠠᠨ ᠰᠠᠭᠤᠷᠢ ᠳᠤᠭᠤᠷ ᠤᠨ ᠮᠤᠳᠤ ᠵᠠᠢ᠌ᠯᠠᠭᠰᠠᠨ ᠪᠢᠯᠠ᠃

ᠭᠤᠷᠪᠠᠨ ᠵᠢᠯ ᠤᠨ ᠳᠠᠷᠠᠭᠠᠭᠢ ᠬᠠᠪᠣᠷ ᠤᠨ ᠣᠯᠠᠷᠢᠯ ᠪᠣᠯᠬᠤ ᠳᠤ ᠬᠠᠰᠢᠶᠠᠨ ᠤ ᠪᠠᠷᠠᠭᠤᠨ ᠭᠦᠪᠠᠭᠡ ᠪᠠᠷ ᠵᠠᠢ᠌ᠯᠠᠭᠰᠠᠨ ᠠᠷᠪᠠᠨ ᠳᠠᠪᠤᠨ ᠰᠠᠭᠤᠷᠢ ᠭᠦᠢᠯᠡᠰᠤᠨ ᠮᠤᠳᠤ ᠴᠠᠭᠠᠨ ᠬᠤᠠᠳᠠᠨ ᠴᠡᠴᠡᠭ᠌ ᠳᠡᠯᠭᠡᠷᠡᠵᠤ ᠬᠠᠰᠢᠶᠠᠨ ᠳᠤ ᠮᠢᠨᠢ ᠦᠵᠠᠮᠵᠢ ᠨᠠᠮᠠᠷᠢᠯᠠᠵᠤ᠂ ᠬᠡᠦᠬᠡᠳ ᠮᠠᠨ ᠤ ᠰᠡᠳᠭᠢᠯ ᠢ ᠪᠠᠶᠠᠰᠬᠠᠵᠤ ᠪᠠᠢ᠌ᠯ᠎ᠠ᠃ ᠬᠤᠷᠤ ᠭᠦᠳᠡᠯᠦᠭ᠍ᠰᠡᠨ ᠬᠤᠪᠳᠤᠭ ᠬᠡᠦᠬᠡᠳ ᠪᠢᠳᠠ ᠭᠦᠢᠯᠡᠰᠤ ᠶᠢᠨ ᠴᠡᠴᠡᠭ᠌ ᠬᠤᠪᠬᠠᠢ᠌ᠷᠠᠵᠤ ᠣᠨᠠᠬᠤ ᠶᠢ ᠴᠤ ᠭᠦᠯᠢᠶᠡᠯ ᠦᠭᠡᠶ ᠰᠢᠭᠡᠵᠢ ᠬᠤᠷᠤᠭᠤᠨ ᠥᠡᠳᠡᠭᠡᠨ ᠭᠢᠷᠢᠳᠠᠢ ᠰᠠᠭᠤᠭᠰᠠᠨ ᠭᠦᠢᠯᠡᠰᠤ ᠶᠢ ᠬᠠᠷᠮᠠᠨ ᠳᠦᠭᠦᠷᠡᠩ ᠳᠡᠭᠦᠵᠤ ᠰᠢᠯᠤᠰᠤ ᠬᠤᠷᠠᠭᠤᠯᠤᠨ ᠰᠢᠳᠤ ᠪᠠᠨ ᠬᠠᠪᠣᠳᠠᠯ᠎ᠠ ᠢᠳᠡᠳᠡᠭ᠌ ᠪᠠᠢ᠌ᠯ᠎ᠠ᠃

ᠵᠤᠨ ᠤ ᠳᠤᠮᠳᠠ ᠰᠠᠷ᠎ᠠ ᠪᠣᠯᠬᠤ ᠳᠤ ᠬᠠᠰᠢᠶᠠᠨ ᠳ᠋ᠠᠭᠢ ᠭᠦᠢᠯᠡᠰᠤ ᠪᠣᠯᠪᠠᠰᠤᠷᠠᠵᠤ ᠡᠭᠢᠯᠡᠪᠡ᠃ ᠭᠡᠯᠡᠪᠠᠯ ᠪᠠᠰᠠ ᠰᠤᠨᠢᠨ ︕ ᠠᠪᠣ ᠵᠤᠷᠢᠭᠤᠳᠠ ᠵᠤᠭᠢᠴᠠᠭᠤᠯᠵᠤ ᠵᠠᠢ᠌ᠯᠠᠭᠰᠠᠨ ᠡᠴᠠ ᠦᠦ᠂ ᠡᠰᠡᠭᠦᠯ᠎ᠡ ᠢᠳᠡᠭᠦ ᠬᠤᠪᠢᠳᠠᠢ ᠮᠠᠨ ᠤ ᠠᠮᠠᠨ ᠭᠦᠨᠡᠰᠤ ᠡᠴᠠ ᠦᠦ ︖ ᠪᠣᠤ ᠮᠠᠳᠠ᠃ ᠡᠨᠡᠭᠦ ᠠᠷᠪᠠᠨ ᠳᠠᠪᠤᠨ ᠰᠠᠭᠤᠷᠢ ᠭᠦᠢᠯᠡᠰᠤᠨ ᠮᠤᠳᠤ ᠪᠦᠷ ᠬᠤᠪᠢ ᠬᠤᠪᠢᠨ ᠤ ᠣᠠᠴᠠᠯᠢᠭ ᠲᠡᠶ ᠪᠠᠢ᠌ᠵᠤ ᠠᠮᠳᠠ ᠶᠢᠨ ᠳᠠᠯ᠎ᠠ ᠪᠠᠷ ᠵᠠᠷᠢᠮ ᠨᠢ ᠰᠢᠭᠢᠷᠯᠢᠭ᠌᠂ ᠵᠡᠷᠢᠮ ᠨᠢ ᠢᠰᠭᠦᠯᠡᠩ᠂ ᠵᠠᠷᠢᠮ ᠨᠢ ᠰᠢᠭᠦᠰᠦᠯᠢᠭ᠌ ᠪᠠᠢ᠌ᠵᠤ᠂ ᠭᠡᠯᠪᠠᠷᠢ ᠶᠢᠨ ᠳᠠᠯ᠎ᠠ ᠪᠠᠷ ᠵᠠᠷᠢᠮ ᠨᠢ ᠳᠤᠮᠤ᠂ ᠵᠠᠷᠢᠮ ᠨᠢ ᠵᠢᠵᠢᠭ᠌᠂ ᠵᠠᠷᠢᠮ ᠨᠢ ᠣᠯᠠᠭᠠᠨ᠂ ᠵᠠᠷᠢᠮ ᠨᠢ ᠰᠢᠷ᠎ᠠ᠂ ᠬᠠᠮᠤᠭ ᠳᠤᠮᠤ ᠵᠢᠮᠢᠰ ᠰᠠᠭᠤᠳᠠᠭ ᠮᠤᠳᠤ ᠨᠢ ᠳᠤᠭᠤᠷ ᠤᠨ ᠭᠢᠷᠢᠳᠠᠢ ᠳᠤᠮᠤ ᠵᠢᠮᠢᠰ ᠰᠠᠭᠤᠬᠤ ᠳᠤ ᠬᠠᠮᠤᠭ ᠵᠢᠵᠢᠭ᠌ ᠵᠢᠮᠢᠰᠯᠡᠳᠡᠭ᠌ ᠮᠤᠳᠤ ᠨᠢ ᠭᠢᠮᠤᠰᠤᠨ ᠳᠠᠳᠤᠢ ᠶᠢᠨ ᠭᠢᠷᠢᠳᠠᠢ ᠵᠢᠵᠢᠭ᠌ ᠵᠢᠮᠢᠰ ᠰᠠᠭᠤᠳᠠᠭ ᠪᠠᠢ᠌ᠯ᠎ᠠ᠁ ᠨᠠᠩ ᠭᠠᠢ᠌ᠬᠠᠮᠰᠢᠭ ᠲᠡᠶ ᠨᠢ ᠡᠷᠳᠡ ᠪᠣᠯᠪᠠᠰᠤᠷᠠᠳᠠᠭ ᠮᠤᠳᠤ ᠨᠢ ᠵᠢᠷᠭᠤᠭᠠᠨ ᠰᠠᠷ᠎ᠠ ᠶᠢᠨ ᠰᠡᠭᠦᠯᠴᠢ ᠡᠴᠠ ᠡᠭᠢᠯᠡᠨ ᠰᠢᠷᠠᠯᠠᠬᠤ ᠳᠤ ᠣᠷᠤᠢ ᠪᠣᠯᠪᠠᠰᠤᠷᠠᠳᠠᠭ ᠮᠤᠳᠤ ᠨᠢ ᠨᠢ᠋ᠮᠠᠨ ᠰᠠᠷ᠎ᠠ ᠶᠢᠨ ᠰᠡᠭᠦᠯᠴᠢ ᠪᠠᠷ ᠣᠯᠠᠢ᠌ᠨ ᠪᠦᠭᠦᠯᠢ ᠬᠤᠶᠠᠷ ᠰᠠᠷ᠎ᠠ᠂ ᠵᠢᠷᠠᠨ ᠬᠤᠨᠤᠭ ᠬᠡᠦᠬᠡᠳ ᠮᠠᠨ ᠤ ᠬᠤᠪ ᠢ ᠳᠠᠷᠤᠵᠤ ᠬᠤᠳᠤᠭᠤᠳᠤ ᠶᠢ ᠳᠦᠭᠦᠷᠭᠡᠳᠡᠭ᠌ ᠪᠢᠯᠠ᠃ ᠡᠨᠡᠭᠦ ᠬᠤᠶᠠᠷ ᠰᠠᠷ᠎ᠠ ᠮᠠᠨ ᠤ ᠠᠬ᠎ᠠ ᠳᠡᠭᠦᠤ ᠭᠤᠷᠪᠠᠭᠤᠯᠠ ᠵᠢᠴᠢ ᠵᠡᠭᠦᠨ ᠪᠠᠷᠠᠭᠤᠨ ᠭᠡᠷ ᠤᠨ ᠭᠡᠳᠤᠨ ᠬᠡᠦᠬᠡᠳ ᠠᠷᠤ ᠶᠢᠨ ᠬᠠᠰᠢᠶᠠᠨ ᠳᠤ ᠨᠤᠳᠤᠭᠯᠠᠵᠤ ᠵᠢᠮᠢᠰ ᠤᠨ ᠮᠤᠳᠤᠨ ᠤ ᠳᠤᠤᠷ᠎ᠠ ᠡᠭᠦᠷᠯᠡᠳᠡᠭ᠌ ᠪᠠᠢ᠌ᠯ᠎ᠠ᠃

ᠶ‍ᠢᠰᠤᠨ ᠰᠠᠷ᠎ᠠ ᠣᠷᠤᠵᠤ ᠮᠤᠳᠤᠨ ᠳᠡᠭᠡᠷᠡᠭᠢ ᠭᠦᠢᠯᠡᠰᠤ ᠶᠢ ᠡᠷᠢᠭᠡᠳ ᠣᠯᠬᠤ ᠦᠭᠡᠶ ᠪᠣᠯᠬᠤ ᠶᠢᠨ ᠦᠶ᠎ᠡ ᠳᠤ ᠭᠦᠢᠯᠡᠰᠤᠨ ᠮᠤᠳᠤᠨ ᠤ ᠵᠡᠭᠦᠨ ᠳᠠᠯ᠎ᠠ ᠪᠠᠷ ᠵᠠᠢ᠌ᠯᠠᠭᠰᠠᠨ ᠳᠦᠷᠪᠠᠨ ᠰᠠᠭᠤᠷᠢ ᠳᠤᠭᠤᠷ ᠤᠨ ᠮᠤᠳᠤ ᠴᠤ ᠣᠯᠠᠢ᠌ᠨ ᠡᠭᠢᠯᠡᠵᠤ ᠪᠢᠳᠠ ᠴᠤ ᠭᠦᠢᠯᠡᠰᠤᠨ ᠮᠤᠳᠤᠨ ᠳᠤᠤᠷ᠎ᠠ ᠡᠴᠠ ᠰᠢᠯᠵᠢᠨ ᠳᠤᠭᠤᠷ ᠤᠨ ᠮᠤᠳᠤᠨ ᠤ ᠬᠠᠵᠠᠭᠤ ᠳᠤ ᠵᠢᠭᠤᠷᠠᠯᠳᠤᠬᠤ ᠪᠣᠯᠤᠯ᠎ᠠ᠃ ᠳᠦᠷᠪᠠᠭᠡᠨ ᠰᠠᠭᠤᠷᠢ ᠴᠤ ᠳᠤᠭᠤᠷ ᠭᠡᠭ᠍ᠴᠢ ᠵᠢᠮᠢᠰ ᠰᠠᠭᠤᠳᠠᠯ ᠰᠠᠢ᠌ᠳᠠᠢ ᠪᠠᠢ᠌ᠵᠤ᠂ ᠡᠳᠡᠭᠡᠷ ᠳᠦᠷᠪᠠᠨ ᠮᠤᠳᠤ ᠰᠠᠯᠠᠭ᠎ᠠ ᠪᠠᠨ ᠳᠠᠭᠠᠵᠤ ᠶᠠᠳᠠᠳᠠᠯ᠎ᠠ ᠳᠤᠭᠤᠷ ᠰᠠᠭᠤᠳᠠᠭ ᠪᠢᠯᠠ᠃

ᠣᠨ ᠰᠠᠷ᠎ᠠ ᠳᠡᠩᠭᠡᠯᠢᠭ᠌ ᠶᠢᠡᠨ ᠲᠠᠭᠠᠨ ᠡᠷᠭᠢᠯᠳᠤᠨ ᠡᠷᠭᠢᠯᠳᠦᠭ᠍ᠰᠡᠭᠡᠷ ᠮᠢᠩᠭ᠋᠎ᠠ ᠶ‍ᠢᠰᠤᠨ ᠵᠠᠭᠤ ᠶᠠᠷᠠᠨ ᠨᠢ᠋ᠮᠠᠨ ᠣᠨ ᠪᠣᠯᠤᠯ᠎ᠠ᠃ ᠪᠢᠳᠠ ᠴᠤ ᠬᠤᠨᠤᠭ ᠤᠨ ᠳᠤᠭ᠎ᠠ ᠪᠠᠷ ᠦᠰᠤᠨ ᠪᠣᠵᠠᠭᠠᠢ᠌ᠷᠠᠭᠰᠠᠭᠠᠷ ᠪᠢ ᠠᠷᠪᠠᠨ ᠨᠢ᠋ᠮᠠᠨ ᠨᠠᠰᠤᠯᠠᠵᠤ ᠪᠠᠭᠰᠢ ᠶᠢᠨ ᠰᠤᠷᠭᠠᠭᠤᠯᠢ ᠶᠢᠨ ᠬᠤᠶᠠᠳᠤᠭᠠᠷ ᠣᠨ ᠤ ᠰᠤᠷᠤᠭᠴᠢ ᠪᠣᠯᠵᠤ᠂ ᠬᠤᠶᠠᠷ ᠳᠡᠭᠦᠤ ᠮᠢᠨᠢ ᠴᠤ ᠠᠩᠬ᠎ᠠ ᠳᠤᠮᠳᠠᠳᠤ ᠶᠢᠨ ᠬᠤᠶᠠᠳᠤᠭᠠᠷ ᠣᠨ ᠤ ᠰᠤᠷᠤᠭᠴᠢ ᠪᠣᠯᠴᠢᠬᠠᠯ᠎ᠠ᠃ ᠳᠤᠰ ᠵᠢᠯ ᠵᠠᠭᠤᠨ ᠵᠢᠯ ᠳᠤ ᠬᠤᠪᠣᠷ ᠲᠤᠬᠢᠶᠠᠯᠳᠤᠬᠤ ᠶᠡᠭᠡ ᠪᠣᠷᠤᠭᠠᠨ ᠣᠷᠤᠬᠤ ᠳᠤ ᠬᠠᠰᠢᠶᠠᠨ ᠳ᠋ᠠᠭᠢ ᠵᠢᠮᠢᠰ ᠤᠨ ᠮᠤᠳᠤᠳ ᠦᠶᠡᠷ ᠤᠨ ᠣᠰᠤᠨ ᠳᠤ ᠣᠰᠤᠳᠤᠨ ᠨᠢᠭᠡ ᠯᠠ ᠳᠤᠤᠷ᠎ᠠ ᠪᠦᠷ ᠬᠤᠪᠠᠬᠠᠢ᠌ᠷᠠᠭᠰᠠᠨ ᠪᠢᠯᠠ᠃

ᠰᠡᠭᠦᠳᠡᠷ ᠲᠡᠭᠡᠨ ᠪᠠᠭ᠎ᠠ ᠶᠢᠨ ᠦᠶ᠎ᠡ ᠶᠢᠨ ᠭᠦᠯ ᠤᠨ ᠮᠦᠷ ᠢ ᠮᠢᠨᠢ ᠳᠠᠮᠠᠭᠠᠯᠠᠭᠰᠠᠨ ᠵᠢᠮᠢᠰ ᠤᠨ ᠮᠤᠳᠤᠳ ᠢ ᠣᠳᠤ ᠪᠣᠳᠤᠬᠤ ᠳᠤ ᠳᠤᠮᠤᠭ ᠤᠨ ᠰᠢᠭ᠂ ᠮᠦᠨ ᠴᠤ ᠦᠨᠡᠨ ᠤ ᠰᠢᠭ᠌ ᠪᠠᠢ᠌ᠵᠤ᠂ ᠪᠠᠭ᠎ᠠ ᠨᠠᠰᠤᠨ ᠤ ᠳᠤᠷᠠᠳᠬᠠᠯ ᠳᠤ ᠮᠢᠨᠢ ᠰᠢᠭᠢᠷᠯᠢᠭ᠌᠂ ᠢᠰᠭᠦᠯᠡᠩ᠁ ᠳᠤᠷᠠᠳᠬᠠᠯ ᠬᠠᠢ᠌ᠯᠠᠨ ᠠᠯᠤᠰ ᠤᠨ ᠠᠯᠤᠰ ᠲᠤ ᠪᠦᠷᠳᠦᠯᠵᠡᠨ ᠪᠦᠷᠳᠦᠯᠵᠡᠨ᠎ᠡ᠃

ᠠᠷᠤ ᠶᠢᠨ ᠬᠠᠰᠢᠶᠠᠨ ᠤ ᠵᠢᠮᠢᠰ ᠤᠨ ᠮᠤᠳᠤ ᠪᠦᠷ ᠣᠰᠤᠳᠤᠨ ᠥᠭᠦᠭ᠍ᠰᠡᠨ ᠤ ᠳᠠᠷᠠᠭ᠎ᠠ ᠠᠪᠣ ᠡᠵᠢ ᠮᠢᠨᠢ ᠭᠡᠳᠤᠨ ᠵᠢᠯ ᠳᠠᠭᠢᠵᠤ ᠵᠢᠮᠢᠰ ᠤᠨ ᠮᠤᠳᠤ ᠳᠠᠷᠢᠭᠰᠠᠨ ᠦᠭᠡᠶ᠂ ᠳᠠᠷᠢᠶ᠎ᠠ ᠲᠦᠮᠦᠰᠦ ᠪᠠᠨ ᠡᠯᠪᠠᠭ᠌ ᠳᠠᠷᠢᠵᠤ ᠬᠡᠦᠬᠡᠳ ᠤᠨ ᠶᠢᠡᠨ ᠰᠤᠷᠤᠯᠭ᠎ᠠ ᠶᠢᠨ ᠰᠥᠢᠳᠭᠡᠯ ᠢ ᠭᠦᠢᠴᠡᠳ ᠬᠠᠩᠭ᠋ᠠᠬᠤ ᠪᠠᠷ ᠵᠢᠳᠭᠦᠵᠤ ᠪᠠᠢ᠌ᠯ᠎ᠠ᠃ ᠣᠷᠴᠢᠮ ᠤᠨ ᠬᠤᠶᠠᠷ ᠵᠢᠯ ᠪᠣᠯᠵᠤ ᠬᠡᠦᠬᠡᠳ ᠨᠢ ᠵᠢᠭᠦᠷ ᠰᠤᠳᠤ ᠨᠢ ᠪᠦᠷᠢᠳᠦᠭ᠍ᠰᠡᠨ ᠰᠢᠪᠠᠭᠤᠬᠠᠢ ᠰᠢᠭ ᠵᠥᠭ᠌ ᠵᠥᠭ᠌ ᠲᠡᠭᠡᠨ ᠵᠢᠷᠭᠢᠨ ᠨᠢᠰᠴᠤ ᠬᠤᠯᠠ ᠶᠢᠨ ᠭᠠᠵᠠᠷ ᠭᠦᠮᠤᠨ ᠤ ᠨᠤᠳᠤᠭ ᠲᠤ ᠠᠮᠢᠳᠤᠷᠠᠯ ᠣᠢ᠌ᠯᠠᠰ ᠭᠡᠵᠤ ᠵᠢᠳᠭᠦᠭᠦ ᠳᠤ ᠠᠪᠣ ᠡᠵᠢ ᠮᠢᠨᠢ ᠳᠠᠭᠢᠠᠳᠠ ᠭᠡᠳᠤᠨ ᠰᠠᠭᠤᠷᠢ ᠵᠢᠮᠢᠰ ᠤᠨ ᠮᠤᠳᠤ ᠳᠠᠷᠢᠵᠤ᠂ ᠳᠡᠭᠦᠨ ᠶᠢᠡᠨ ᠠᠷᠠᠴᠢᠯᠠᠨ ᠣᠰᠤᠯᠠᠵᠤ᠂ ᠦᠷ᠎ᠡ ᠵᠢᠮᠢᠰ ᠢ ᠨᠢ 《ᠡᠨᠡ ᠬᠡᠦᠬᠡᠳ ᠤᠨ ᠬᠤᠪᠢ》᠂ 《ᠳᠠᠷᠠ ᠬᠡᠦᠬᠡᠳ ᠤᠨ ᠬᠤᠪᠢ》 ᠭᠡᠵᠤ ᠬᠤᠪᠢᠶᠠᠨ ᠪᠣᠭᠴᠤᠯᠠᠵᠤ ᠵᠥᠭ᠌ ᠵᠥᠭ᠌ ᠲᠤ ᠨᠢ ᠶᠠᠪᠣᠭᠤᠯᠳᠠᠭ ᠪᠣᠯᠤᠯ᠎ᠠ᠃

ᠳᠤᠷᠠᠰᠤᠯ ᠮᠦᠷᠦᠭᠡᠳᠦᠯ ᠤᠨ ᠰᠢᠵᠢᠮ ᠭᠤᠭᠴᠤᠭᠠᠷᠠᠭᠰᠠᠨ ᠣᠭᠤᠳᠠ ᠳᠦᠭᠦᠷᠡᠩ ᠵᠢᠮᠢᠰ ᠢ ᠳᠠᠭᠢᠠᠳᠠ ᠬᠠᠷᠠᠬᠤ ᠳᠤ ᠬᠤᠷᠴᠢᠨ ᠤ ᠰᠠᠢ᠌ᠨ ᠡᠷ᠎ᠡ 《ᠰᠢᠨ ᠰᠢᠶᠤᠤᠷ》 ᠊ᠤᠨ ᠳᠠᠭᠤᠨ ᠤ ᠣᠶᠠᠷᠠᠭᠤᠨ ᠪᠦᠭᠡᠳ ᠵᠢᠪᠬᠤᠯᠠᠩ ᠠᠶ᠎ᠠ ᠳᠠᠭᠢᠠᠳᠠ ᠰᠤᠨᠤᠷ ᠤᠨ ᠡᠴᠢᠨ᠎ᠡ ᠡᠴᠠ ᠬᠠᠩᠭᠢᠨᠠᠬᠤ ᠰᠢᠭ ᠪᠣᠯᠪᠠ᠃

ᠦᠷᠢᠯ ᠤᠨ ᠮᠤᠳᠤ ᠶᠢ ᠪᠠᠨ ᠳᠠᠷᠢᠬᠤᠯᠠᠢ ᠭᠦᠢ᠂ ᠦᠷᠢᠯ ᠢ ᠨᠢ ᠢᠳᠠᠶ᠎ᠠ ᠰᠠᠨᠠᠭᠰᠠᠨ ᠶᠤᠮ ᠡ ᠭᠦᠢ᠂

ᠦᠷ᠎ᠡ ᠪᠠᠭ᠎ᠠ ᠰᠢᠨ ᠰᠢᠶᠤᠤᠷ ᠶᠢᠡᠨ ᠳᠡᠵᠢᠭᠡᠭᠦᠯᠡᠢ ᠭᠦᠢ᠂ ᠰᠠᠢ᠌ᠨ ᠢ ᠨᠢ ᠦᠵᠠᠶ᠎ᠠ ᠰᠠᠨᠠᠭᠰᠠᠨ ᠶᠤᠮ ᠡ ᠭᠦᠢ ︕

ᠵᠢᠮᠢᠰ ᠤᠨ ᠮᠤᠳᠤ ᠶᠢ ᠪᠠᠨ ᠳᠠᠷᠢᠬᠤᠯᠠᠢ ᠭᠦᠢ᠂ ᠵᠢᠮᠢᠰ ᠢ ᠨᠢ ᠢᠳᠠᠶ᠎ᠠ ᠰᠠᠨᠠᠭᠰᠠᠨ ᠶᠤᠮ ᠡ ᠭᠦᠢ᠂

ᠵᠢᠭᠠᠬᠠᠨ ᠪᠠᠭ᠎ᠠ ᠰᠢᠨ ᠰᠢᠶᠤᠤᠷ ᠶᠢᠡᠷ ᠳᠡᠵᠢᠭᠡᠭᠦᠯᠡᠢ ᠭᠦᠢ᠂ ᠭᠦᠴᠤ ᠶᠢ ᠨᠢ ᠦᠵᠠᠶ᠎ᠠ ᠰᠠᠨᠠᠭᠰᠠᠨ ᠶᠤᠮ ᠡ ᠭᠦᠢ᠁


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ

ᠵᠤᠬᠢᠶᠠᠭᠴᠢ᠄ ᠭᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 62841
ᠴᠠᠭ᠄ 2014 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ