ᠨᠡᠪᠲᠡᠷᠡᠨ ᠤᠷᠤᠬᠤ
ᠡᠪᠦᠯ ᠤᠨ ᠤᠯᠠᠷᠢᠯ ᠳᠤ ᠭᠡᠵᠢᠭᠡ ᠤᠨᠠᠬᠤ ᠶᠢ ᠰᠡᠷᠭᠡᠢ᠌ᠯᠡᠬᠦ ᠲᠤᠷᠰᠢᠯᠭ᠎ᠠ

ᠭᠠᠩ ᠬᠠᠭᠤᠷᠠᠢ ᠡᠪᠦᠯ ᠤᠨ ᠣᠯᠠᠷᠢᠯ ᠨᠢ ᠭᠦᠮᠤᠨ ᠤ ᠦᠰᠦ ᠭᠡᠵᠢᠭᠡ ᠳᠤ ᠳᠤᠩ ᠠᠰᠢᠭ ᠦᠭᠡᠶ ᠪᠠᠢ᠌ᠳᠠᠭ᠃ ᠦᠰᠦ ᠣᠨᠠᠬᠤ ᠨᠢ ᠭᠡᠳᠥᠢᠪᠠᠷ ᠡᠩ ᠤᠨ ᠶᠠᠪᠣᠳᠠᠯ ᠪᠣᠯᠪᠠᠴᠤ ᠡᠳᠦᠷ ᠪᠦᠷᠢ 100 ᠰᠢᠷᠭᠡᠭ᠌ ᠡᠴᠠ ᠢᠯᠡᠭᠦᠤ ᠭᠡᠵᠢᠭᠡ ᠣᠨᠠᠵᠤ ᠪᠠᠢ᠌ᠪᠠᠯ ᠳᠠᠷᠠ ᠨᠢ ᠨᠢᠭᠡ ᠵᠣᠢ᠌ᠯ ᠤᠨ ᠡᠪᠠᠦᠡᠴᠢᠨ ᠪᠣᠯᠤᠭᠰᠠᠨ ᠢ ᠠᠩᠬᠠᠷᠬᠤ ᠴᠢᠬᠤᠯᠠᠳᠠᠢ᠃ ᠭᠡᠷᠪᠡ ᠡᠪᠦᠯ ᠤᠨ ᠣᠯᠠᠷᠢᠯ ᠪᠣᠯᠤᠭᠠᠤᠨ ᠦᠰᠦ ᠭᠡᠵᠢᠭᠡ ᠣᠨᠠᠬᠤ ᠨᠢ ᠢᠯᠠᠤᠠᠳᠠ ᠠᠷᠪᠢᠳᠤᠭᠰᠠᠨ ᠪᠠᠢ᠌ᠪᠠᠯ ᠠᠮᠢᠳᠤᠷᠠᠯ ᠤᠨ ᠠᠷᠭ᠎ᠠ ᠭᠡᠯᠪᠠᠷᠢ ᠵᠡᠷᠭᠡ ᠳᠠᠯ᠎ᠠ ᠪᠠᠷ ᠵᠤᠭᠢᠴᠠᠭᠤᠯᠬᠤ ᠴᠢᠬᠤᠯᠠ ᠲᠡᠶ ᠶᠤᠮ᠃

1. ᠰᠢᠷᠠᠬᠤ ᠶᠢ ᠰᠡᠷᠭᠡᠢ᠌ᠯᠡᠭᠦ

ᠡᠪᠦᠯ ᠤᠨ ᠣᠯᠠᠷᠢᠯ ᠳᠤ ᠨᠠᠷᠠᠨ ᠤ ᠳᠤᠳᠤᠷᠠᠭᠢ ᠭᠦᠷᠢᠨ ᠤ ᠭᠠᠳᠠᠨᠠᠭᠢ ᠳᠤᠶᠠᠭ᠎ᠠ ᠵᠤᠨ ᠤ ᠭᠢ ᠡᠴᠠ ᠳᠤᠳᠠᠭᠤ ᠦᠭᠡᠶ ᠪᠠᠢ᠌ᠳᠠᠭ᠃ ᠨᠠᠩ ᠴᠤ ᠠᠭᠤᠷ ᠠᠮᠢᠰᠬᠤᠯ ᠭᠠᠩ ᠬᠠᠭᠤᠷᠠᠢ ᠪᠠᠢ᠌ᠳᠠᠭ ᠳᠤᠯᠠ ᠨᠠᠷᠠᠨ ᠳᠤ ᠰᠢᠷᠠᠭᠳᠠᠬᠤ ᠶᠢ ᠰᠡᠷᠭᠡᠢ᠌ᠯᠡᠭᠦ ᠭᠡᠷᠡᠭ᠍ᠳᠡᠢ᠂ ᠭᠠᠳᠠᠨ᠎ᠠ ᠭᠠᠷᠬᠤ ᠳᠠᠭᠠᠨ ᠮᠠᠯᠠᠭᠠᠢ ᠵᠡᠭᠦᠵᠤ᠂ ᠠᠯᠴᠢᠭᠤᠷ ᠣᠷᠢᠶᠠᠵᠤ ᠪᠠᠢ᠌ᠪᠠᠯ ᠰᠠᠢ᠌ᠨ᠃

2. ᠳᠤᠯᠤᠭᠠᠢ ᠣᠭᠢᠶᠠᠬᠤ ᠣᠳᠠᠭ᠎ᠠ ᠪᠠᠨ ᠵᠤᠭᠢᠬᠤ ᠭᠡᠮᠵᠢᠶ᠎ᠡ ᠪᠠᠷ ᠪᠠᠭᠠᠰᠬᠠᠬᠤ

ᠡᠪᠦᠯ ᠤᠨ ᠣᠯᠠᠷᠢᠯ ᠳᠤ ᠳᠤᠯᠤᠭᠠᠢ ᠪᠠᠨ ᠭᠡᠳᠦᠷᠭᠡᠢ ᠠᠷᠪᠢᠨ ᠣᠭᠢᠶᠠᠬᠤ ᠭᠡᠷᠡᠭ᠌ ᠦᠭᠡᠶ᠃ ᠳᠤᠯᠤᠭᠠᠢ ᠪᠠᠨ ᠣᠯᠠᠮ ᠠᠷᠪᠢᠨ ᠣᠭᠢᠶᠠᠬᠤ ᠳᠤᠳᠤᠮ ᠦᠰᠦ ᠭᠡᠵᠢᠭᠡ ᠴᠢᠨᠢ ᠣᠯᠠᠮ ᠠᠷᠪᠢᠨ ᠣᠨᠠᠬᠤ ᠪᠣᠯᠤᠨ᠎ᠠ᠃ ᠳᠤᠯᠤᠭᠠᠢ ᠪᠠᠨ ᠣᠭᠢᠶᠠᠬᠤ ᠳᠠᠭᠠᠨ ᠵᠤᠨ ᠤ ᠣᠯᠠᠷᠢᠯ ᠳᠤ ᠭᠡᠷᠡᠭᠯᠡᠳᠡᠭ᠌ ᠣᠭᠢᠶᠠᠳᠠᠯ ᠪᠠ ᠬᠠᠭ ᠠᠷᠢᠯᠭᠠᠬᠤ ᠡᠳ᠋ ᠢ ᠪᠢᠳᠡᠭᠡᠢ ᠭᠡᠷᠡᠭᠯᠨ᠃ ᠬᠠᠷᠢᠨ ᠦᠰᠦ ᠭᠡᠵᠢᠭᠡ ᠬᠠᠮᠠᠭᠠᠯᠠᠬᠤ ᠡᠳ᠋ ᠢ ᠥᠷᠭᠦᠯᠵᠢᠳᠡ ᠭᠡᠷᠡᠭᠯᠡᠭᠦ ᠶᠢᠨ ᠬᠠᠮᠳᠤ ᠭᠡᠰᠡᠭ᠌ ᠬᠤᠭᠤᠴᠠᠭ᠎ᠠ ᠥᠩᠭᠡᠷᠡᠵᠤ ᠪᠠᠢ᠌ᠭᠠᠤᠨ ᠫᠢᠸᠣ᠋ ᠪᠠᠷ ᠳᠤᠯᠤᠭᠠᠢ ᠪᠠᠨ ᠣᠭᠢᠶᠠᠬᠤ ᠡᠰᠡᠭᠦᠯ᠎ᠡ ᠳᠤᠯᠤᠭᠠᠢ ᠣᠭᠢᠶᠠᠬᠤ ᠣᠰᠤᠨ ᠳᠠᠭᠠᠨ ᠪᠠᠭ᠎ᠠ ᠢᠳᠠᠰᠢᠨ ᠼᠤᠤ ᠭᠢᠵᠤ ᠣᠭᠢᠶᠠᠵᠤ ᠪᠠᠢ᠌ᠭᠠᠷᠠᠢ᠃

3. ᠢᠳᠠᠰᠢ ᠣᠤᠭᠤᠰᠢ ᠪᠠᠨ ᠰᠠᠢ᠌ᠳᠤᠷ ᠳᠤᠭᠢᠷᠠᠭᠤᠯᠬᠤ

ᠳᠠᠮᠤᠷ᠂ ᠸᠢᠲ᠋ᠠᠮᠢᠨ E᠂ ᠸᠢᠲ᠋ᠠᠮᠢᠨ A᠂ ᠴᠢᠨᠠᠷ ᠰᠠᠢ᠌ᠳᠠᠢ ᠣᠭᠤᠷᠠᠭ ᠡᠳ᠋ ᠲᠤ ᠦᠰᠦ ᠭᠡᠵᠢᠭᠡ ᠶᠢᠨ ᠣᠷᠭᠤᠯᠳᠠ ᠳᠤ ᠭᠡᠷᠡᠭ᠍ᠰᠡᠭᠦ ᠰᠢᠮ᠎ᠠ ᠳᠡᠵᠢᠭᠡᠯ ᠡᠯᠪᠠᠭ᠌ ᠪᠠᠢ᠌ᠳᠠᠭ᠃ ᠡᠢ᠌ᠮᠤ ᠡᠴᠠ ᠢᠳᠡᠭᠡᠨ ᠶᠢᠡᠨ ᠣᠯᠠᠨ ᠵᠣᠢ᠌ᠯ ᠶᠢᠡᠷ ᠳᠤᠭᠢᠷᠠᠭᠤᠯᠵᠤ᠂ ᠪᠣᠷᠴᠠᠭ ᠤᠨ ᠵᠣᠢ᠌ᠯ᠂ ᠬᠠᠢ᠌ᠳᠠᠢ ᠵᠡᠷᠭᠡ ᠶᠢ ᠢᠯᠡᠭᠦᠤ ᠢᠳᠠᠪᠠᠯ ᠰᠠᠢ᠌ᠨ᠃ ᠡᠭᠦᠨ ᠡᠴᠠ ᠭᠠᠳᠠᠨ᠎ᠠ ᠣᠮᠳᠠᠭᠠᠨ ᠤ ᠳᠠᠯ᠎ᠠ ᠪᠠᠷ ᠠᠭᠤᠰᠭᠢ ᠬᠤᠳᠤᠭᠤᠳᠤ ᠶᠢ ᠰᠢᠮᠡᠵᠢᠭᠦᠯᠭᠦ ᠵᠣᠢ᠌ᠯᠠᠰ ᠢ ᠰᠤᠩᠭ᠋ᠤᠵᠤ᠂ ᠮᠠᠭᠠᠵᠢ᠂ ᠪᠠᠯ᠂ ᠬᠤᠱᠢᠭ᠎ᠠ᠂ ᠣᠯᠠᠨ ᠵᠣᠢ᠌ᠯ ᠤᠨ ᠵᠢᠮᠢᠰ᠂ ᠢᠳᠠᠰᠢᠨ ᠨᠤᠭᠤᠭ᠎ᠠ ᠵᠡᠷᠭᠡ ᠶᠢ ᠢᠯᠡᠭᠦᠤ ᠢᠳᠠᠪᠠᠯ ᠰᠠᠢ᠌ᠨ ᠪᠠᠢ᠌ᠳᠠᠭ᠃

ᠵᠤᠬᠢᠶᠠᠭᠴᠢ ᠶᠢᠨ ᠬᠠᠶ‍ᠢᠭ ᠄ ᠰᠢᠯᠢ ᠶᠢᠨ ᠬᠤᠳᠠ


ᠵᠤᠬᠢᠶᠠᠭᠴᠢ᠄ ᠦᠨᠢᠷ‍ᠰᠠᠢ᠌ᠬᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 4033
ᠴᠠᠭ᠄ 2010 ᠤᠨ ᠤ 01 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ