ᠨᠡᠪᠲᠡᠷᠡᠨ ᠤᠷᠤᠬᠤ
ᠴᠡᠩᠭᠡᠷ ᠪᠣᠳᠤᠯ

ᠢᠷᠦᠭᠡᠯ ᠤᠨ ᠴᠠᠭᠠᠨ ᠬᠠᠳᠠᠭ ᠳᠠᠳᠠᠵᠤ    

ᠣᠴᠠᠷᠠᠭ᠎ᠠ ᠦᠭᠡᠶ ᠴᠤ ᠳᠠᠨᠢᠯᠴᠠᠭᠰᠠᠨ ᠶᠤᠮ    

ᠣᠯᠠᠭᠠᠨ ᠵᠢᠷᠦᠭᠡᠨ ᠤ ᠬᠤᠪᠳᠤᠯ ᠴᠤᠭᠢᠯᠭ᠎ᠠ ᠪᠠᠷ    

ᠣᠶᠠᠰᠴᠤ ᠬᠠᠨᠢᠯᠠᠨ ᠥᠶᠡᠷᠭᠡᠭ᠍ᠰᠡᠨ ᠴᠤ ᠶᠤᠮ    

    

ᠭᠡᠨ ᠠᠯᠢᠨ ᠳᠤ ᠪᠠᠨ ᠴᠤ ᠭᠤᠷᠢᠳᠠᠯ ᠥᠭᠡᠢ    

ᠭᠡᠮᠳᠡᠢ ᠭᠦᠨᠡᠰᠤ ᠪᠠᠨ ᠬᠤᠪᠢᠶᠠᠯᠴᠠᠵᠤ ᠶᠠᠪᠣᠯ᠎ᠠ    

ᠭᠡᠵᠢᠶ᠎ᠡ ᠴᠠᠭ ᠲᠤ ᠴᠤ ᠬᠠᠷᠠᠮ ᠥᠭᠡᠢ    

ᠣᠢ᠌ᠯᠠᠰ ᠶᠢᠡᠨ ᠲᠦᠰᠢᠯᠴᠠᠨ ᠵᠤᠷᠢᠭᠵᠢᠵᠤ ᠶᠠᠪᠣᠯ᠎ᠠ    

    

ᠬᠤᠨ ᠰᠦᠷᠦᠭ᠌ ᠤᠨ ᠡᠩᠨᠡᠭᠡᠨ ᠳᠤ ᠮᠦᠷᠯᠠᠨ    

ᠬᠤᠷᠴᠢᠨ ᠨᠤᠳᠤᠭ ᠢ ᠴᠢᠭᠯᠡᠮᠡᠷ ᠴᠤ ᠪᠣᠯᠬᠤ ᠶᠤᠮ    

ᠬᠤᠠᠳᠤ ᠨᠠᠭᠤᠷ ᠲᠤ ᠨᠢ ᠪᠠᠭᠤᠨ ᠱᠤᠮᠪᠠᠵᠤ    

ᠬᠤᠵᠢᠷᠯᠠᠭᠰᠠᠨ ᠰᠡᠳᠭᠢᠯ ᠶᠢᠠᠨ ᠣᠭᠢᠶᠠᠨ᠎ᠠ ᠭᠡᠵᠤ ᠴᠤ ᠰᠠᠨᠠᠯ᠎ᠠ    

    

ᠮᠦᠷᠦᠭᠡᠳᠦᠯ ᠢ ᠣᠬᠠᠭᠠᠨ ᠳᠤ ᠪᠠᠨ ᠡᠵᠡᠮᠰᠢᠳᠡᠭ᠌ ᠬᠣᠢ᠌ᠨ᠎ᠠ    

ᠮᠢᠨᠤᠭᠢ ᠪᠠᠨ ᠭᠡᠵᠤ ᠴᠢᠮ᠎ᠠ ᠶᠢ ᠦᠨᠦᠰᠴᠤ ᠴᠤ ᠦᠵᠡᠯ᠎ᠠ    

ᠮᠥᠩᠭᠡ ᠶᠢᠨ ᠰᠠᠢ᠌ᠬᠠᠨ ᠳᠤᠷᠠᠳᠬᠠᠯ ᠳᠤ ᠭᠦᠪᠦᠷᠡᠵᠤ    

ᠮᠥᠴᠢᠳᠭᠡᠨ ᠪᠦᠳᠦᠯ ᠲᠡᠶ ᠪᠠᠨ ᠯᠠ ᠵᠢᠷᠭᠠᠵᠤ ᠰᠠᠭᠤᠯ᠎ᠠ    

    

ᠵᠢᠭᠠᠬᠠᠨ ᠶᠠᠪᠣᠬᠤ ᠨᠠᠰᠤᠨ ᠤ    

ᠭᠦᠭ᠍ᠵᠢᠮᠯᠢᠭ᠌ ᠢᠷᠠᠭᠤᠬᠠᠨ ᠡᠭᠡᠰᠢᠭ᠌ ᠪᠠᠢ᠌ᠯ᠎ᠠ︕ ᠴᠢ    

ᠵᠠᠮ ᠪᠣᠭᠤᠨᠢᠬᠠᠨ ᠠᠮᠢᠳᠤᠷᠠᠯ ᠤᠨ    

ᠬᠠᠢ᠌ᠷ᠎ᠠ ᠶᠢᠨ ᠣᠮᠳᠠᠳᠤ ᠭᠡᠰᠢᠭ᠌ ᠮᠢᠨᠢ ᠪᠠᠢ᠌ᠯ᠎ᠠ︕ ᠴᠢ    

    


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 05 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ