ᠨᠡᠪᠲᠡᠷᠡᠨ ᠤᠷᠤᠬᠤ
ᠮᠤᠩᠭ᠋ᠤᠯ ᠭᠡᠯᠡ

ᠠᠯᠢ ᠴᠤ ᠭᠡᠯᠡ ᠡᠴᠠ ᠰᠤᠳᠤᠨ ᠪᠠᠶᠠᠯᠢᠭ

ᠣᠷᠴᠢᠯᠠᠩ ᠤᠨ ᠴᠠᠴᠠᠨ ᠴᠤᠤᠳᠤ ᠭᠡᠯᠡ ᠪᠣᠶᠤ

ᠠᠷᠢᠭᠤᠨ ᠭᠦᠰᠡᠯ ᠤᠨ ᠴᠤᠭ ᠵᠤᠯᠢ

ᠠᠮᠢᠨ ᠰᠢᠳᠦᠭᠡᠨ ᠭᠡᠷᠡᠯᠳᠤ ᠨᠠᠷᠠᠨ ᠪᠣᠶᠤ


ᠳᠢᠪ ᠠᠯᠤᠰᠯᠠᠨ ᠴᠤᠤᠷᠢᠶᠠᠳᠤᠭᠠᠤᠨ ᠪᠠᠢ᠌ᠳᠠᠭ

ᠳᠡᠯᠭᠡᠷ ᠮᠤᠩᠭ᠋ᠤᠯ ᠤᠨ ᠣᠳᠤᠨ ᠭᠡᠯᠡ

ᠳᠠᠶᠠᠩ ᠳᠠᠭᠤᠷᠢᠰᠤᠭᠤᠯᠤᠨ ᠣᠶᠠᠩᠭ᠋ᠠᠷᠠᠭᠠᠤᠨ ᠬᠠᠯᠢᠳᠠᠭ

ᠡᠷᠡᠯᠭᠡᠭ᠌ ᠥᠭᠡᠯᠤᠨ ᠤ ᠭᠤᠸ᠎ᠠ ᠰᠦᠯᠳᠡ


ᠴᠡᠴᠡᠭ᠌ ᠪᠦᠵᠢᠭ᠍ᠰᠡᠨ ᠨᠤᠭᠤᠭᠠᠨ ᠳᠠᠯ᠎ᠠ ᠪᠠᠨ

ᠪᠠᠢ᠌ᠭᠠᠯᠢ ᠮᠢᠨᠢ ᠭᠡᠵᠤ ᠥᠮᠴᠢᠷᠭᠡᠳᠡᠭ᠌

ᠴᠡᠭ᠍ᠴᠡᠦᠭᠡᠢ ᠵᠢᠷᠭᠢᠭ᠍ᠰᠡᠨ ᠨᠤᠮᠢᠨ ᠬᠤᠰᠤ ᠪᠠᠨ

ᠰᠢᠳᠦᠭᠡᠨ ᠮᠢᠨᠢ ᠭᠡᠵᠤ ᠥᠨᠡᠮᠰᠢᠳᠡᠭ᠌


ᠣᠳᠤᠷ ᠤᠨ ᠠᠢ᠌ᠯ ᠡᠴᠠ ᠣᠳᠤᠭᠢᠴᠢᠯᠠᠯᠳᠠ ᠳᠤ ᠭᠦᠷᠭᠦ ᠵᠠᠮ ᠪᠣᠯᠤᠭᠰᠠᠨ

ᠦᠰᠪᠦᠷᠢ ᠨᠠᠰᠤᠨ ᠡᠴᠠ ᠭᠦᠮᠤᠨ ᠪᠣᠯᠬᠤ ᠶᠤᠰᠤᠨ ᠳᠤ ᠡᠷᠭᠦᠭ᠍ᠰᠡᠨ

ᠡᠶ᠎ᠡ ᠨᠠᠢ᠌ᠷ ᠢ ᠡᠷᠭᠢᠮᠯᠡ ᠭᠡᠵᠤ ᠶᠠᠷᠤᠳᠠ ᠵᠠᠭᠢᠳᠠᠭ

ᠡ᠊ᠨᠳᠡᠭᠦᠤ ᠪᠣᠷᠤᠭᠤ ᠶᠢ ᠨᠢᠴᠤᠭ᠎ᠠ ᠭᠡᠵᠤ ᠭᠡᠵᠢᠶᠡᠳᠡ ᠰᠠᠨᠠᠭᠤᠯᠳᠠᠭ

ᠵᠤᠷᠢᠭ ᠵᠢᠷᠦᠭᠡ ᠲᠡᠶ ᠰᠤᠷᠤᠯᠴᠠ ᠭᠡᠵᠤ ᠦᠷᠭᠦᠯᠵᠢ ᠶᠠᠷᠢᠳᠠᠭ

ᠵᠤᠯᠪᠣᠭᠠᠳᠤ ᠪᠠᠢ᠌ᠭᠠᠯᠢ ᠪᠠᠨ ᠭᠢᠮᠭᠠᠳᠠ ᠭᠡᠵᠤ ᠵᠢᠷᠦᠭᠡᠨ ᠳᠤ ᠪᠠᠨ ᠰᠠᠨᠠᠳᠠᠭ


ᠠᠷᠤᠤᠬᠠᠨ ᠬᠠᠤᠯᠢᠴᠢ ᠰᠢᠭᠢᠬᠤᠳᠤᠭ ᠡᠴᠠ

ᠠᠷᠠᠤᠨ ᠤᠨ ᠨᠠᠢ᠌ᠷᠠᠭᠴᠢ ᠠ᠊·ᠣᠳᠽᠠᠷ ᠭᠦᠷᠳᠡᠯ᠎ᠡ

ᠠᠯᠳᠠᠨ ᠭᠠᠠᠳᠠᠷ᠎ᠠ ᠶᠢᠨ ᠬᠤᠯᠠ ᠶᠢᠨ ᠪᠠᠷ᠎ᠠ ᠡᠴᠠ

ᠬᠠᠷ᠎ᠠ ᠬᠤᠳᠠ ᠶᠢᠨ ᠪᠠᠭᠤᠷᠠᠢ ᠭᠦᠷᠳᠡᠯ᠎ᠡ

ᠠᠯᠢ ᠨᠢ ᠴᠤ ᠮᠢᠨᠤ ᠵᠢᠷᠤᠭᠷ ᠭᠡᠵᠤ

ᠣᠨᠤᠨ ᠤ ᠳᠤᠷᠭᠠᠨ ᠳᠤᠯᠭᠢᠶ᠎ᠠ ᠪᠠᠷ

ᠣᠶᠠᠩᠭ᠋ᠠᠷᠠᠵᠤ ᠪᠠᠢ᠌ᠨ᠎ᠠ ᠮᠤᠩᠭ᠋ᠤᠯ ᠭᠡᠯᠡ

ᠣᠳᠤᠮᠳᠤ ᠳᠡᠭᠡᠳᠦᠰ ᠤᠨ ᠰᠦᠷ ᠵᠢᠠᠷ

ᠰᠠᠴᠤᠯᠠᠵᠤ ᠪᠠᠢ᠌ᠨ᠎ᠠ ᠮᠤᠩᠭ᠋ᠤᠯ ᠭᠡᠯᠡ

ᠳᠡᠦᠭᠡ ᠶᠢᠨ ᠦᠨᠡᠨ ᠢ

ᠲᠦᠪ ᠶᠤᠰᠤ ᠪᠠᠷ ᠪᠢᠴᠢᠭᠯᠡᠵᠤ ᠪᠠᠢ᠌ᠨ᠎ᠠ

ᠳᠤᠤᠯᠢ ᠶᠢᠨ ᠭᠠᠢ᠌ᠬᠠᠮᠰᠢᠭ ᠢ

ᠬᠠᠷᠢ ᠰᠤᠶᠤᠯ ᠳᠤ ᠮᠡᠳᠡᠭᠦᠯᠵᠤ ᠪᠠᠢ᠌ᠨ᠎ᠠ

ᠡᠶ᠎ᠡ ᠨᠠᠢ᠌ᠷ ᠢ ᠡᠪ ᠤᠨ ᠳᠠᠭᠤ ᠪᠠᠷ ᠣᠷᠢᠵᠤ ᠪᠠᠢ᠌ᠨ᠎ᠠ

ᠦᠪ ᠰᠤᠶᠤᠯ ᠢ ᠦᠷ ᠤᠨ ᠭᠡᠭᠡ ᠪᠠᠷ ᠬᠤᠷᠣᠢ᠌ᠯᠠᠵᠤ ᠪᠠᠢ᠌ᠨ᠎ᠠ


ᠠᠯᠢ ᠴᠤ ᠭᠡᠯᠡ ᠡᠴᠠ ᠰᠤᠳᠤᠨ ᠪᠠᠶᠠᠯᠢᠭ

ᠣᠷᠴᠢᠯᠠᠩ ᠤᠨ ᠴᠠᠴᠠᠨ ᠴᠤᠤᠳᠤ ᠭᠡᠯᠡ ᠪᠣᠶᠤ

ᠠᠷᠢᠭᠤᠨ ᠭᠦᠰᠡᠯ ᠤᠨ ᠴᠤᠭ ᠵᠤᠯᠢ

ᠠᠮᠢᠨ ᠰᠢᠳᠦᠭᠡᠨ ᠭᠡᠷᠡᠯᠳᠤ ᠨᠠᠷᠠᠨ ᠪᠣᠶᠤ

ᠮᠤᠩᠭ᠋ᠤᠯ ᠭᠡᠯᠡ

ᠮᠤᠩᠭ᠋ᠤᠯ ᠭᠦᠮᠤᠨ ᠮᠢᠨᠤ ᠰᠡᠳᠭᠢᠯ ᠤᠨ ᠴᠠᠭᠠᠨ ᠳᠠᠭᠳᠠᠭ᠎ᠠ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 4581
ᠴᠠᠭ᠄ 2011 ᠤᠨ ᠤ 09 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ