ᠨᠡᠪᠲᠡᠷᠡᠨ ᠤᠷᠤᠬᠤ
ᠭᠡᠷᠪᠡ

          ᠭᠡᠷᠪᠡ ᠁


ᠴᠢ ᠰᠦᠨᠢ ᠪᠠᠷ ᠳᠡᠪᠠᠷᠢᠭᠦᠯᠵᠤ ᠬᠤᠨᠤᠬᠤ ᠳᠠᠭᠠᠨ

ᠡᠳᠦᠷ ᠢ ᠵᠡᠭᠦᠳᠦᠯᠡᠳᠡᠭ᠌ ᠭᠡᠯ᠎ᠡ

ᠪᠢ ᠡᠳᠦᠷ ᠶᠢᠡᠷ ᠳᠠᠭᠠᠯᠠᠭᠤᠯᠵᠤ ᠰᠠᠭᠤᠬᠤ ᠳᠠᠭᠠᠨ

ᠰᠦᠨᠢ ᠶᠢ ᠮᠦᠷᠦᠭᠡᠳᠳᠡᠭ᠌ ᠪᠠᠢ᠌ᠯ᠎ᠠ

ᠭᠡᠷᠪᠡ ᠪᠦᠮᠪᠦᠷᠴᠡᠭ᠌ ᠨᠢᠭᠡ ᠵᠤᠭᠰᠤᠭᠠᠤᠨ ᠠᠪᠣᠪᠠᠯ

ᠪᠢᠳᠠ ᠨᠢᠭᠡ ᠭᠦᠳᠡᠯᠦᠭᠡᠳ ᠠᠪᠣᠪᠠᠯ᠁

        

          ᠪᠣᠴᠠᠯᠳᠠ ᠶᠢᠨ ᠱᠤᠭᠤᠮ


ᠨᠠᠷᠠ ᠣᠯᠠᠷᠢᠯ ᠶᠢᠡᠨ ᠳᠠᠭᠠᠭᠤᠯᠵᠤ ᠪᠦᠰᠡᠯᠡᠭᠦᠷ ᠵᠥᠭ᠌ ᠶᠢᠡᠨ ᠪᠣᠴᠠᠨ᠎ᠠ

ᠪᠢᠳᠠ ᠣᠯᠠᠷᠢᠯ ᠶᠢᠡᠨ ᠴᠡᠭᠡᠵᠢᠯᠡᠵᠤ ᠰᠡᠳᠬᠢᠯ ᠵᠥᠭ᠌ ᠶᠢᠡᠨ ᠪᠣᠴᠠᠨ᠎ᠠ

ᠮᠠᠨᠠᠢ᠌ᠭᠢᠨ ᠳᠤ ᠳᠦᠷᠪᠠᠨ ᠣᠯᠠᠷᠢᠯ ᠲᠡᠶ

ᠨᠠᠷᠠ ᠬᠤᠯᠠᠳᠴᠤ ᠤᠢ᠌ᠷᠠᠳᠤᠳᠠᠭ ᠶᠢᠡᠷ ᠶᠢᠡᠨ

ᠪᠦᠰᠡᠯᠡᠭᠦᠷ ᠤᠨ ᠭᠢᠨ ᠳᠤ ᠭᠤᠷᠪᠠ ᠨᠢ ᠳᠤᠳᠠᠭᠤ  

ᠨᠠᠷᠠ ᠬᠤᠷᠭᠤᠳᠠᠭᠠᠤᠨ ᠬᠤᠯᠠᠳᠠᠳᠠᠭ ᠦᠭᠡᠶ ᠪᠠᠷ ᠶᠢᠡᠨ᠃   


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ᠂   ᠠᠷᠤ ᠬᠤᠷᠴᠢᠨ

ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ