☆ ᠨᠠ᠊·ᠬᠦᠬᠡᠰᠢᠭᠤᠢ
ᠲᠡᠭᠷᠢ ᠶᠢᠨ ᠰᠠᠯᠬᠢᠨ
1. ᠬᠠᠳᠠᠭ
ᠬᠠᠮᠤᠭ ᠤᠨ ᠭᠦᠩᠭᠡᠨ ᠭᠢᠳᠠᠤᠨ ᠳᠤᠷᠭ᠎ᠠ
ᠬᠠᠮᠤᠭ ᠤᠨ ᠭᠦᠡᠳᠤ ᠮᠤᠩᠭ᠋ᠤᠯ ᠶᠤᠷᠤᠭ
ᠬᠠᠳᠠᠭ ᠪᠣᠯ ᠬᠠᠢ᠌ᠷ᠎ᠠ ᠶᠢᠨ ᠡᠷᠭᠦᠯ
ᠬᠠᠳᠠᠭ ᠪᠣᠯ ᠨᠠᠢ᠌ᠷ ᠤᠨ ᠮᠥᠷᠭᠦᠯ
ᠬᠠᠭᠠᠨ ᠪᠣᠯᠪᠠᠴᠤ ᠳᠡᠷᠢᠭᠦᠨ ᠶᠢᠡᠨ ᠮᠡᠭᠦᠢᠵᠤ
ᠬᠠᠷᠠᠴᠤ ᠪᠣᠯᠪᠠᠴᠤ ᠳᠤᠯᠤᠭᠠᠢ ᠪᠠᠨ ᠪᠦᠭᠦᠢᠨᠡ᠃
ᠡᠵᠢ ᠶᠢᠨ ᠮᠢᠨᠢ ᠰᠤᠷᠭᠠᠭᠰᠠᠨ ᠮᠥᠩᠭᠡ ᠶᠤᠰᠤ
ᠠᠪᠣ ᠶᠢᠨ ᠮᠢᠨᠢ ᠵᠠᠭᠢᠭᠰᠠᠨ ᠮᠤᠩᠭ᠋ᠤᠯ ᠮᠦᠰᠤ
ᠬᠠᠳᠠᠭ ᠪᠣᠯ ᠢᠳᠡᠭᠡᠯ ᠤᠨ ᠭᠦᠭᠦᠷᠭᠡ
ᠬᠠᠳᠠᠭ ᠪᠣᠯ ᠨᠥᠭᠦᠷᠯᠡᠯ ᠤᠨ ᠭᠡᠯᠭᠢᠶ᠎ᠡ
ᠭᠡᠵᠢᠶ᠎ᠡ ᠪᠣᠯᠪᠠᠴᠤ ᠭᠢᠴᠢᠶᠡᠩᠭᠦᠢᠯᠡᠨ ᠡᠷᠭᠦᠵᠤ
ᠬᠠᠮᠢᠭ᠎ᠠ ᠪᠣᠯᠪᠠᠴᠤ ᠬᠠᠢ᠌ᠷᠠᠯᠠᠨ ᠭᠢᠮᠠᠭᠠᠳᠠᠨᠠ᠃
ᠠᠯᠠᠭᠠᠨ ᠳᠤ ᠳᠡᠯᠭᠡᠷᠡᠭ᠍ᠰᠡᠨ ᠡᠩᠭᠡ ᠶᠢᠨ ᠴᠡᠴᠡᠭ᠌
ᠭᠦᠵᠦᠭᠦᠨ ᠳᠤ ᠮᠢᠷᠠᠯᠵᠠᠭᠰᠠᠨ ᠥᠩᠭᠡ ᠶᠢᠨ ᠰᠤᠯᠤᠩᠭ᠋᠎ᠠ
ᠬᠠᠳᠠᠭ ᠪᠣᠯ ᠣᠶᠠᠬᠠᠨ ᠡᠭᠡᠰᠢᠭ᠌
ᠬᠠᠳᠠᠭ ᠪᠣᠯ ᠣᠷᠢᠬᠠᠨ ᠰᠠᠯᠭᠢᠨ
ᠨᠠᠢ᠌ᠷ ᠤᠨ ᠶᠤᠰᠤ ᠪᠠᠷ ᠨᠠᠮᠢᠷᠠᠨ ᠭᠡᠢ᠌ᠰᠴᠤ
ᠨᠠᠢ᠌ᠵᠠ ᠶᠢᠨ ᠰᠠᠤᠠᠭᠢᠯ ᠶᠢᠡᠷ ᠨᠠᠮᠢᠶᠠᠳᠠᠨ ᠪᠦᠵᠢᠭ᠍ᠯᠡᠨᠡ ᠁
2. ᠰᠠᠷᠮᠠᠭᠴᠢᠨ ᠪᠠᠰᠠᠯᠠ ᠰᠠᠷᠮᠠᠭᠴᠢᠨ
ᠭᠦᠳᠡᠯᠮᠦᠷᠢ ᠭᠢᠭ᠍ᠰᠡᠭᠡᠷ ᠰᠠᠷᠮᠠᠭᠴᠢᠨ
ᠭᠦᠮᠤᠨ ᠪᠣᠯᠵᠤ ᠬᠤᠪᠢᠷᠠᠭᠰᠠᠨ ᠭᠡᠨ᠎ᠡ᠃
ᠭᠦᠮᠤᠨ ᠲᠦᠷᠦᠯᠭᠢᠳᠠᠨ ᠤ ᠡᠭᠢ ᠡᠭᠦᠰᠦᠯ ᠊ᠢ
ᠭᠢᠴᠢᠶᠠᠯ ᠤᠨ ᠪᠢᠴᠢᠭ᠌ ᠲᠤ ᠵᠢᠭᠠᠭᠰᠠᠨ ᠭᠡᠨ᠎ᠡ᠃
ᠭᠡᠳᠤᠨ ᠵᠠᠭᠤᠨ ᠵᠢᠯ ᠤᠨ ᠨᠢᠭᠤᠴᠠ ᠵᠢ
ᠭᠡᠨ ᠴᠤ ᠳᠠᠢ᠌ᠯᠵᠤ ᠴᠢᠳᠠᠬᠤ ᠦᠭᠡᠶ᠂
ᠭᠦᠭᠡᠷᠦᠭᠦᠢ ᠰᠠᠷᠮᠠᠭᠴᠢᠨ ᠦᠨᠦᠳᠤᠷ ᠪᠣᠯᠳᠠᠯ᠎ᠠ
ᠭᠦᠯᠳᠡᠭᠦᠤ ᠳᠠᠷᠢᠭᠢ ᠨᠢ ᠭᠡᠰᠦᠭᠡᠳᠦᠢ᠃
ᠮᠠᠨ ᠤ ᠮᠡᠳᠡᠭᠦ ᠪᠠᠷ ᠣᠨ ᠳᠤᠭᠠᠯᠠᠯ
ᠮᠢᠩᠭ᠋᠎ᠠ ᠮᠢᠩᠭ᠋᠎ᠠ ᠪᠠᠷ ᠶᠠᠪᠣᠵᠤ ᠯᠠ ᠪᠠᠢ᠌ᠨ᠎ᠠ᠂
ᠮᠠᠭᠠᠤᠨ ᠪᠠᠰᠠ ᠰᠠᠷᠮᠠᠭᠴᠢᠨ
ᠮᠠᠭᠠᠵᠢᠵᠤ ᠮᠠᠯᠳᠠᠭᠠᠤᠨ ᠠᠮᠢᠳᠤᠷᠠᠵᠤ ᠯᠠ ᠪᠠᠢ᠌ᠨ᠎ᠠ᠃
ᠣᠢ ᠶᠢᠨ ᠳᠤᠮᠳᠠ ᠪᠠᠨ ᠰᠠᠷᠮᠠᠭᠴᠢᠨ
ᠥᠴᠦᠭᠡᠳᠦᠷ ᠪᠣᠯᠳᠠᠯ᠎ᠠ ᠥᠰᠦᠷᠦᠭ᠍ᠰᠡᠭᠡᠷ ᠪᠠᠢ᠌ᠨ᠎ᠠ᠂
ᠣᠭᠤ ᠴᠤ ᠨᠢᠭᠡ ᠨᠢ ᠭᠦᠮᠤᠨ ᠬᠤᠪᠢᠷᠠᠭᠠᠤᠨ
ᠣᠯᠠᠨ ᠢ ᠭᠠᠢ᠌ᠬᠠᠭᠤᠯᠵᠤ ᠴᠢᠳᠠᠭ᠎ᠠ ᠦᠭᠡᠶ ᠪᠠᠢ᠌ᠨ᠎ᠠ᠃
ᠰᠠᠷᠮᠠᠭᠴᠢᠨ ᠪᠠᠰᠠᠯᠠ ᠰᠠᠷᠮᠠᠭᠴᠢᠨ ᠶᠢᠡᠷ ᠵᠢᠠᠨ
ᠭᠦᠮᠤᠨ ᠬᠠᠰᠢᠯᠠ ᠭᠦᠮᠤᠨ ᠶᠢᠡᠷ ᠵᠢᠠᠨ
ᠰᠠᠨᠠᠭᠠᠨ ᠳᠤ ᠦᠭᠡᠶ ᠭᠡᠯᠡᠭ᠍ᠰᠡᠨ ᠥᠭᠡ
ᠰᠢᠡᠵᠢᠯᠡᠭᠦ ᠣᠬᠠᠭᠠᠨ ᠤ ᠪᠠᠷᠢᠮᠳᠠ ᠦᠭᠡᠶ᠁
3. ᠳᠡᠭ᠍ᠷᠢ ᠶᠢᠨ ᠰᠠᠯᠭᠢᠨ
ᠳᠡᠭ᠍ᠷᠢ ᠶᠢᠨ ᠰᠠᠯᠭᠢᠨ
ᠳᠡᠭ᠍ᠰᠢ ᠪᠠᠢ᠌ᠪᠠᠴᠤ᠂
ᠭᠠᠵᠠᠷ ᠤᠨ ᠭᠦᠮᠤᠨ
ᠭᠠᠵᠢᠭᠤ ᠳᠠᠭᠤᠯᠠᠨ᠎ᠠ᠃
ᠳᠡᠭ᠍ᠷᠢ ᠶᠢᠨ ᠰᠠᠷᠠᠨ
ᠳᠡᠷᠭᠡᠯ ᠪᠠᠢ᠌ᠪᠠᠴᠤ᠂
ᠭᠠᠵᠠᠷ ᠤᠨ ᠨᠤᠬᠠᠤᠨ
ᠭᠠᠰᠠᠯᠵᠤ ᠬᠤᠴᠠᠨ᠎ᠠ᠃
ᠳᠡᠭ᠍ᠷᠢ ᠶᠢᠨ ᠶᠤᠰᠤᠨ
ᠳᠦᠭᠦᠷᠢᠭ᠌ ᠪᠠᠢ᠌ᠪᠠᠴᠤ᠂
ᠭᠠᠵᠠᠷ ᠤᠨ ᠨᠤᠶᠠᠤᠨ
ᠭᠡᠯᠳᠡᠭᠡᠢ ᠪᠣᠯᠭᠠᠨ᠎ᠠ᠃
ᠳᠡᠭ᠍ᠷᠢ ᠶᠢᠨ ᠪᠣᠷᠬᠠᠨ
ᠳᠠᠷᠨᠢᠳᠠᠵᠤ ᠪᠠᠢ᠌ᠪᠠᠴᠤ᠂
ᠭᠠᠵᠠᠷ ᠤᠨ ᠪᠣᠭ
ᠭᠠᠢ᠌ᠳᠠᠵᠤ ᠪᠣᠰᠤᠨ᠎ᠠ ᠁
4. ᠣᠷᠰᠢᠭ ᠲᠡᠶ ᠵᠢᠷᠳᠢᠠᠴᠤ
ᠥᠭᠢᠷᠡᠭ᠍ᠰᠡᠨ ᠮᠤᠳᠤᠨ ᠤ
ᠢᠯᠵᠠᠷᠠᠭᠰᠠᠨ ᠰᠠᠯᠠᠭᠠᠨ ᠳ᠋ᠤ
ᠢᠯᠠᠭ᠎ᠠ ᠴᠤᠭᠯᠠᠭᠠᠤᠨ
ᠨᠠᠢ᠌ᠷ ᠪᠣᠯᠤᠨ᠎ᠠ᠃
ᠨᠠᠪᠴᠢᠯᠠᠭᠰᠠᠨ ᠮᠤᠳᠤᠨ ᠤ
ᠭᠦᠯᠦᠭᠡᠯᠡᠭ᠍ᠰᠡᠨ ᠮᠦᠴᠢᠷ ᠢ
ᠢᠮᠠᠭ᠎ᠠ ᠭᠡᠮᠡᠯᠢᠭᠡᠤᠨ
ᠭᠡᠷᠡᠭᠦᠯ ᠪᠣᠯᠤᠨ᠎ᠠ ᠁
ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄
ᠰᠢᠯᠦᠭᠳᠠᠷᠤᠮ᠄ 3402
ᠴᠠᠭ᠄ 2005 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ