ᠨᠡᠪᠲᠡᠷᠡᠨ ᠤᠷᠤᠬᠤ
ᠮᠤᠩᠭ᠋ᠤᠯ ᠭᠦᠮᠤᠨ ᠤ ᠰᠡᠳᠭᠢᠯ ᠡᠮᠵᠡᠭ᠌ ᠶᠤᠮ

ᠦᠷᠭᠡᠰᠤᠨ ᠡᠴᠡ ᠴᠤ ᠬᠠᠳᠠᠭᠤ ᠭᠡᠯᠡ ᠬᠤᠩᠰᠢᠶᠠᠷ ᠮᠠᠨ ᠳᠤ ᠴᠤ ᠪᠠᠢ᠌ᠳᠠᠭ ᠭᠡᠯ᠎ᠡ

ᠦᠴᠢᠭ᠌ ᠡᠴᠡ ᠴᠤ ᠭᠡᠨᠡᠨ ᠴᠠᠭᠠᠪᠣᠷ ᠰᠡᠳᠭᠢᠯ ᠶᠢᠡᠷ ᠨᠢᠭᠡᠨ ᠶᠢᠡᠨ ᠠᠭᠤᠴᠢᠯᠠᠳᠠᠭ ᠶᠤᠮ

ᠬᠤᠷᠸ᠎ᠠ ᠶᠢᠨ ᠠᠭᠤᠳᠠᠮ ᠵᠠᠢ ᠳᠤ ᠪᠣᠳᠤᠯ ᠶᠢᠡᠨ ᠠᠷᠢᠭᠤᠯᠠᠵᠤ

ᠬᠤᠶᠠᠷ ᠦᠭᠡᠶ ᠬᠠᠢ᠌ᠷ᠎ᠠ ᠪᠠᠷ ᠪᠢᠳᠠ ᠰᠡᠳᠭᠢᠯ ᠰᠡᠳᠭᠢᠯ ᠶᠢᠡᠨ ᠣᠯᠤᠯᠴᠠᠳᠠᠭ ᠶᠤᠮ

ᠬᠤᠷᠠᠭ᠎ᠠ ᠳᠤᠭᠤᠯ ᠶᠢᠡᠨ ᠭᠦᠷᠳᠡᠯ᠎ᠡ ᠣᠭᠢᠯᠠᠳᠠᠯ᠎ᠠ ᠰᠠᠨᠠᠴᠢᠬᠠᠳᠠᠭ ᠶᠤᠮ

ᠬᠤᠳᠠᠨ ᠳᠤ ᠮᠢᠨᠢ ᠨᠤᠬᠠᠢ ᠬᠤᠴᠠᠬᠤ ᠦᠭᠡᠶ ᠪᠣᠯ ᠣᠠᠳᠠᠵᠤ ᠣᠷᠤᠳᠠᠭ ᠦᠭᠡᠶ ᠶᠤᠮ

ᠨᠤᠳᠤᠭ ᠤᠨ ᠴᠡᠩᠭᠡᠷ ᠣᠰᠤᠨ ᠳᠤ ᠪᠠᠨ ᠬᠤᠭ ᠬᠠᠶᠠᠵᠤ ᠪᠠᠢ᠌ᠭ᠎ᠠ ᠥᠭᠡᠢ

ᠨᠠᠭᠤᠷ ᠤᠨ ᠬᠤᠨ ᠤ ᠪᠠᠨ ᠳᠡᠭ᠍ᠳᠡᠭᠡᠭᠡᠢ ᠶᠢ ᠬᠠᠷᠪᠣᠵᠤ ᠨᠠᠭᠠᠳᠤᠭ᠎ᠠ ᠥᠭᠡᠢ

ᠭᠡᠳᠤᠨ ᠮᠠᠯ ᠤᠨ ᠶᠢᠡᠨ ᠲᠦᠯᠦᠭᠡ ᠬᠠᠶᠠ ᠠᠯᠠᠳᠠᠭ ᠪᠠᠢ᠌ᠯ᠎ᠠ ᠴᠤ

ᠭᠡᠭᠡᠷ᠎ᠡ ᠶᠢᠨ ᠪᠣᠤᠬᠠᠢ ᠶᠢ ᠭᠦᠢᠰᠤ ᠳᠡᠮᠳᠡᠷᠢᠭᠦ ᠦᠭᠡᠶ ᠴᠡᠭᠡᠷ ᠲᠡᠶ᠁

ᠰᠦᠯᠳᠡ ᠭᠡᠢ᠌ᠮᠦᠷᠢ ᠪᠠᠨ ᠮᠠᠠᠳᠤᠭᠤᠯᠬᠤ ᠭᠡᠵᠤ ᠭᠠᠯ ᠶᠢᠡᠨ ᠳᠠᠭᠢᠳᠠᠭ

ᠰᠥᠰᠦᠭ᠌ ᠪᠢᠰᠢᠷᠠᠯ ᠶᠢᠡᠷ ᠳᠡᠭ᠍ᠷᠢ ᠪᠣᠷᠬᠠᠨ ᠳᠤ ᠮᠦᠷᠭᠦᠳᠡᠭ᠌

ᠡᠴᠢᠭᠡ ᠶᠢᠨ ᠶᠢᠡᠨ ᠳᠡᠷᠢᠭᠦᠨ ᠳᠤ ᠭᠦᠤ ᠨᠢ ᠰᠠᠭᠤᠳᠠᠭ ᠥᠭᠡᠢ

ᠡᠷ᠎ᠡ ᠨᠥᠭᠦᠷ ᠤᠨ ᠶᠢᠡᠨ ᠮᠠᠯᠠᠭᠠᠢ ᠶᠢ ᠳᠤᠭᠤᠤᠷ ᠳᠠᠯᠪᠢᠳᠠᠭ ᠦᠭᠡᠶ᠁

ᠨᠢᠯᠬᠠᠰ ᠶᠢᠡᠨ ᠡᠩᠭᠦᠷᠡᠢ᠌ᠯᠡᠵᠤ ᠨᠠᠰᠤᠳᠠᠨ ᠶᠢᠡᠨ ᠭᠦᠡᠳᠦᠯᠡᠵᠤ ᠶᠠᠪᠣᠳᠠᠭ

ᠨᠠᠢ᠌ᠷ ᠲᠤ ᠪᠠᠨ ᠳᠠᠭᠤᠤ ᠲᠡᠶ᠂ ᠨᠠᠭᠠᠳᠤᠮ ᠳᠤ ᠪᠠᠨ ᠬᠤᠭᠤᠷ ᠳᠠᠢ

ᠨᠠᠯᠠᠭᠠᠷᠬᠠᠨ ᠳᠡᠭ᠍ᠷᠢ ᠳᠤ ᠪᠠᠨ ᠡᠭᠦᠯᠡ ᠦᠭᠡᠶ ᠴᠡᠯᠮᠡᠭ᠌ ᠣᠬᠠᠭᠠᠨ ᠲᠡᠶ ᠪᠣᠭᠤᠷᠤᠯ ᠳᠠᠢ

ᠨᠠᠪᠴᠢᠨ ᠳᠤ ᠨᠢ ᠰᠢᠭᠦᠳᠡᠷᠢ ᠪᠦᠮᠪᠦᠭᠡᠨᠡᠭ᠍ᠰᠡᠨ ᠴᠡᠩᠭᠡᠭ᠌ ᠳᠡᠨᠢᠭᠦᠨ ᠪᠠᠢ᠌ᠭᠠᠯᠢ ᠳᠠᠢ


ᠦᠷ ᠤᠨ ᠬᠠᠷᠠᠩᠭ᠋ᠤᠢ ᠶᠢ ᠭᠡᠢ᠌ᠭᠦᠯᠤᠨ ᠪᠠᠢ᠌ᠵᠤ ᠠᠯᠳᠠᠨ ᠨᠠᠷᠠᠨ ᠠᠭᠠᠷ ᠲᠤ ᠳᠡᠭᠡᠭ᠍ᠰᠢᠯᠡᠳᠡᠭ᠌

ᠦᠷᠦᠭᠡᠯ ᠢ ᠭᠦᠡᠳᠦᠳᠭᠡᠨ ᠪᠠᠢ᠌ᠵᠤ ᠭᠦᠮᠤᠨ ᠦᠪᠡᠷ ᠶᠢᠡᠨ ᠦᠨᠳᠦᠷ ᠲᠤ ᠮᠠᠠᠳᠤᠳᠠᠭ

ᠥᠭᠦᠯ ᠡᠴᠡ ᠴᠤ ᠭᠡᠴᠡᠭᠦᠤ ᠭᠠᠭᠴᠠᠭᠠᠷᠳᠠᠯ ᠤᠨ ᠭᠦᠨ ᠭᠦᠪ ᠲᠤ ᠣᠨᠠᠬᠤ ᠴᠠᠭ ᠪᠠᠢ᠌ᠳᠠᠭ ᠴᠤ

ᠦᠨᠡᠠᠴᠢ ᠴᠠᠭᠠᠨ ᠢᠳᠡᠭᠡᠯ ᠶᠢᠡᠨ ᠲᠦᠰᠢᠵᠤ ᠪᠢᠳᠠ ᠠᠮᠢᠳᠤ ᠶᠠᠪᠣᠳᠠᠭ ᠶᠤᠮ

ᠠᠯᠳᠠᠨ ᠡᠴᠠ ᠦᠨᠡᠳᠠᠢ ᠠᠮᠢᠳᠤ ᠶᠢᠨ ᠵᠢᠷᠭᠠᠯ ᠢ ᠣᠯᠭᠤᠭᠰᠠᠨ ᠭᠡᠵᠤ

ᠠᠴᠢᠯᠠᠯ ᠤᠨ ᠳᠡᠭᠡᠳᠤ ᠪᠠᠷ ᠠᠪᠣ ᠡᠵᠢ ᠪᠠᠨ ᠠᠰᠠᠷᠠᠳᠠᠭ ᠶᠤᠮ

ᠬᠠᠷᠠᠳᠠᠵᠤ ᠵᠤᠪᠠᠭᠰᠠᠨ ᠦᠴᠦᠭᠡᠨ ᠡᠷᠡᠨ ᠶᠢᠡᠨ ᠳᠤᠷᠠᠳᠠᠶ᠎ᠠ ᠣᠮᠠᠷᠳᠠᠵᠤ

ᠬᠠᠢ᠌ᠷ᠎ᠠ ᠶᠢᠨ ᠨᠢᠯᠪᠣᠰᠤ ᠪᠠᠨ ᠬᠠᠨᠢ ᠨᠥᠭᠦᠷ ᠲᠤ ᠪᠠᠨ ᠣᠨᠠᠭᠠᠳᠠᠭ ᠶᠤᠮ

ᠭᠦᠮᠤᠨ ᠤ ᠨᠤᠳᠤᠭ ᠤᠨ ᠳᠤᠭᠤᠰᠤ ᠶᠢ ᠭᠦᠳᠡᠯᠭᠡᠵᠤ ᠶᠠᠪᠣᠬᠤ ᠳᠤ ᠪᠠᠨ

ᠭᠦᠰᠡᠭᠦ ᠶᠢᠨ ᠳᠡᠭᠡᠳᠤ ᠪᠠᠷ ᠨᠤᠳᠤᠭ ᠤᠨ ᠰᠢᠷᠤᠢ ᠪᠠᠨ ᠵᠡᠭᠦᠳᠦᠯᠡᠵᠤ ᠰᠡᠷᠢᠳᠡᠭ᠌ ᠶᠤᠮ

ᠳᠠᠭᠤᠤ ᠰᠢᠯᠦᠭ᠌ ᠣᠶᠠᠩᠭ᠋ᠠᠷᠠᠭᠰᠠᠨ ᠵᠠᠯᠠᠭᠤ ᠬᠠᠯᠠᠭᠤᠨ ᠨᠠᠰᠤᠨ ᠳᠤ ᠪᠠᠨ ᠴᠤ

ᠳᠤᠷᠠᠳᠬᠠᠯ ᠮᠥᠩᠭᠡᠯᠡᠭ᠍ᠰᠡᠨ ᠪᠠᠭ᠎ᠠ ᠶᠢᠨ ᠦᠯᠢᠭᠡᠷ ᠶᠢᠡᠨ ᠥᠭᠡᠢ᠌ᠯᠡᠳᠡᠭ᠌ ᠶᠤᠮ

ᠮᠤᠩᠭ᠋ᠤᠯ ᠭᠦᠮᠤᠨ ᠤ ᠰᠡᠳᠭᠢᠯ ᠡᠮᠵᠡᠭ᠌ ᠴᠤ

ᠮᠤᠬᠤᠰᠢ ᠦᠭᠡᠶ ᠪᠠᠳᠤ ᠢᠳᠡᠭᠡᠯ ᠳᠠᠢ

ᠵᠤᠷᠢᠭ ᠪᠠᠢ᠌ᠪᠠᠯ ᠵᠤᠷᠢᠭᠰᠠᠨ ᠳᠤ ᠪᠠᠨ ᠭᠡᠵᠤ

ᠵᠠᠭᠤᠳᠠᠯ ᠬᠠᠳᠠᠭᠤ ᠣᠷᠤᠭᠰᠢᠯᠠᠵᠤ ᠪᠠᠢ᠌ᠨ᠎ᠠ︕

2010.8.1


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2010 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ