☆ ᠪᠣᠯᠤᠷᠮ᠎ᠠ
ᠬᠠᠢ᠌ᠷ᠎ᠠ ᠶᠢᠨ ᠳᠤᠷᠠᠰᠤᠮᠵᠢ
ᠰᠠᠢ᠌ᠬᠠᠨ ᠳᠠᠭᠤᠤ ᠳᠤ ᠰᠡᠳᠭᠢᠯ ᠣᠶᠠᠷᠠᠨ᠎ᠠ
ᠰᠠᠨᠠᠭᠠᠨ ᠳᠤ ᠣᠯᠠᠨ ᠳᠤᠷᠠᠳᠬᠠᠯ ᠭᠦᠪᠦᠷᠡᠨᠡ
ᠭᠦᠭᠡᠷᠦᠭᠡᠨ ᠠᠯᠠᠭ ᠨᠢᠳᠤᠨ ᠳᠤ ᠨᠢᠯᠪᠣᠰᠤ ᠮᠡᠯᠳᠡᠭᠡᠨᠡᠨᠡ
ᠭᠦᠩᠭᠡᠨ ᠭᠤᠨᠢᠭ ᠲᠡᠶ ᠬᠠᠮᠳᠤ ᠡᠩᠭᠡᠷ ᠣᠷᠤᠭᠤ ᠪᠦᠮᠪᠦᠷᠢᠨ᠎ᠡ
ᠰᠢᠭᠦᠳᠡᠷᠢ ᠶᠢᠨ ᠮᠥᠭᠦᠯᠢᠭ᠌ ᠰᠢᠭ᠌ ᠳᠤᠩᠭ᠋ᠠᠯᠠᠭ ᠨᠢᠯᠪᠣᠰᠤᠨ ᠳᠤ
ᠰᠡᠳᠭᠢᠯ ᠤᠨ ᠰᠢᠷᠬ᠎ᠠ ᠪᠣᠯᠤᠭᠰᠠᠨ ᠭᠦᠮᠤᠨ ᠤ ᠳᠦᠷᠢ ᠳᠤᠳᠤᠷᠠᠨ᠎ᠠ
ᠠᠷᠢᠯᠴᠢᠬᠠᠬᠤ ᠡᠴᠡ ᠨᠢ ᠠᠶᠤᠵᠤ ᠠᠯᠠᠭ᠎ᠠ ᠪᠠᠨ ᠳᠤᠰᠬᠤ ᠳᠤ
ᠢᠯᠴᠢ ᠬᠤᠪᠢᠯᠤᠨ ᠵᠢᠷᠦᠭᠡᠨ ᠳᠤ ᠰᠢᠩᠭᠡᠨ᠎ᠡ
ᠴᠡᠭ ᠣᠨ ᠵᠢᠯ ᠢ ᠳᠠᠭᠤᠵᠤ ᠣᠷᠤᠰᠤᠨ᠎ᠠ
ᠨᠠᠰᠤ ᠣᠨ ᠵᠢᠯ ᠢ ᠳᠠᠭᠠᠵᠤ ᠣᠷᠤᠰᠤᠨ᠎ᠠ
ᠴᠢᠩ ᠦᠨᠡᠠᠴᠢ ᠬᠠᠢ᠌ᠷ᠎ᠠ ᠶᠢᠨ ᠦᠯᠢᠭᠡᠷ
ᠴᠠᠯ ᠨᠤᠭᠤᠭᠠᠨ ᠳᠤᠷᠠᠰᠤᠮᠵᠢ ᠪᠣᠯᠵᠤ ᠦᠯᠠᠳᠠᠨ᠎ᠠ
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ
ᠵᠤᠬᠢᠶᠠᠭᠴᠢ᠄ ᠪᠣᠯᠤᠷᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2010 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ