☆ ᠡᠰᠨᠢᠯ
ᠵᠢᠷᠦᠭᠡᠨ ᠳᠤ ᠵᠥᠰᠡᠷᠡᠭᠦ ᠪᠣᠷᠤᠭ᠎ᠠ
ᠨᠠᠮᠤᠷ ᠤᠨ ᠪᠣᠷᠤᠭ᠎ᠠ ᠵᠥᠰᠡᠷᠡᠩᠭᠡᠨ
ᠴᠠᠭ ᠤᠨ ᠥᠩᠭᠡ ᠦᠣᠡᠭᠡᠷᠡᠨᠡ
ᠨᠠᠢ᠌ᠷ ᠤᠨ ᠰᠡᠳᠬᠢᠯᠭᠡ ᠣᠶᠠᠷᠠᠩᠬᠠᠨ
ᠦᠨᠦᠴᠢᠷᠠᠯ ᠤᠨ ᠵᠠᠪᠢ ᠰᠠᠯᠢᠨᠡ
ᠨᠠᠷᠭᠢᠵᠤ ᠶᠠᠪᠣᠭᠰᠠᠨ ᠶᠢᠡᠨ ᠥᠭᠡᠢ᠌ᠯᠡᠩᠭᠡᠨ
ᠵᠢᠷᠦᠭᠡᠨ ᠰᠢᠷᠬᠠᠯᠠᠯ ᠡᠮᠵᠡᠭᠯᠡᠨ᠎ᠡ
ᠨᠠᠷᠠᠳᠤ ᠶᠢᠨ ᠵᠢᠷᠭᠠᠯᠠᠩ ᠶᠢᠡᠨ ᠳᠤᠷᠠᠰᠤᠩᠬᠠᠨ
ᠣᠨ ᠤ ᠭᠦᠷᠳᠤ ᠶᠢ ᠡᠯᠡᠭᠡᠨ᠎ᠡ
ᠢᠳᠠ ᠣᠯᠠᠷᠢᠯ ᠥᠩᠭᠡᠰᠢᠭᠦ ᠪᠠᠷ
ᠢᠳᠡᠭᠡᠯ ᠬᠠᠢ᠌ᠷ᠎ᠠ ᠰᠢᠩᠭᠡᠷᠡᠨᠡ
ᠢᠪ ᠳᠠᠷᠤᠭᠰᠠᠨ ᠠᠮᠢᠳᠤᠷᠠᠯ ᠡᠴᠠ
ᠢᠮ ᠳᠠᠮᠠᠭ᠎ᠠ ᠳᠤᠷᠠᠢ᠌ᠨ᠎ᠠ
ᠢᠯᠠ ᠳᠠᠯᠳᠠ ᠳᠡᠦᠭᠡᠨ ᠳ᠋ᠤ
ᠵᠦᠪ ᠬᠠᠵᠠᠭᠠᠢ ᠳᠠᠭᠠᠯᠳᠤᠨ᠎ᠠ
ᠢᠷᠡᠭᠦ ᠮᠠᠷᠭᠠᠰᠢ ᠶᠢᠨ ᠡᠳᠦᠷ ᠤᠳ ᠡᠴᠠ
ᠦᠨᠡᠨ ᠴᠠᠭᠠᠨ ᠳᠤᠳᠤᠷᠠᠨ᠎ᠠ
ᠵᠢᠷᠦᠭᠡᠨ ᠳᠤ ᠵᠥᠰᠡᠷᠡᠭᠦ ᠪᠣᠷᠤᠭ᠎ᠠ
ᠵᠢᠭᠡᠭᠦᠨ ᠭᠦᠢᠳᠡᠨ ᠰᠠᠨᠠᠭᠳᠠᠨ᠎ᠠ
ᠵᠢᠷᠤᠮ ᠭᠤᠷᠢᠮ ᠡᠴᠠ ᠭᠠᠵᠢᠵᠤ
ᠵᠢᠮᠤᠷ ᠭᠤᠮᠤᠷ ᠵᠢᠮᠵᠢᠭᠢᠨᠠᠨᠡ
ᠵᠢᠭ᠍ᠳᠡ ᠣᠷᠤᠰᠢᠬᠤ ᠬᠤᠷᠸ᠎ᠠ
ᠵᠢᠮ᠎ᠠ ᠪᠠᠨ ᠠᠯᠳᠠᠵᠤ ᠭᠤᠯᠰᠤᠨᠠ
ᠵᠢᠰᠤᠷ ᠮᠡᠭᠡᠳᠡᠨ ᠤ ᠰᠠᠨᠠᠭᠠᠨ ᠳ᠋ᠤ
ᠵᠢᠷ ᠤᠨ ᠭᠦᠮᠦᠰ ᠪᠠᠯᠠᠷᠠᠨ᠎ᠠ᠂᠂
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10128
ᠴᠠᠭ᠄ 2012 ᠤᠨ ᠤ 09 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ